ᠴᠡᠴᠡᠭᠲᠦ ᠬᠥᠳᠡᠭᠡ ᠮᠢᠨᠢ-ᠣᠶᠤᠨᠪᠢᠯᠢᠭ᠌Цэцэгт хөдөө минь-Оюунбилэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠴᠡᠭᠲᠦ ᠬᠥᠳᠡᠭᠡ ᠮᠢᠨᠢ-ᠣᠶᠤᠨᠪᠢᠯᠢᠭ᠌Цэцэгт хөдөө минь-Оюунбилэг

ᠴᠡᠴᠡᠭᠲᠦ ᠬᠥᠳᠡᠭᠡ ᠮᠢᠨᠢ-ᠣᠶᠤᠨᠪᠢᠯᠢᠭ᠌Цэцэгт хөдөө минь-Оюунбилэг

ᠠᠩᠭᠢᠯᠠᠯ:ᠳᠠᠭᠤᠤ ᠬᠥᠭᠵᠢᠮ
2026-04-11

191

ᠴᠡᠴᠡᠭᠲᠦ ᠬᠥᠳᠡᠭᠡ ᠮᠢᠨᠢ

    
     ᠦᠭᠡ᠄ ᠰᠠᠷᠠᠨᠴᠡᠴᠡᠭ 
     ᠠᠶ᠎ᠠ᠄ ᠷᠠᠰᠢᠬᠡᠸᠠ 
     ᠳᠠᠭᠤᠴᠢᠨ᠄ ᠣᠶᠤᠨᠪᠢᠯᠢᠭ᠌ 

ᠨᠠᠷᠠᠨ ᠤ᠋ ᠲᠤᠶᠠᠭ᠎ᠠ ᠪᠠᠷ ᠰᠣᠯᠣᠩᠭᠠᠷᠠᠭᠰᠠᠨ 
ᠨᠣᠮᠢᠨ ᠨᠣᠭᠣᠭᠠᠨ ᠲᠠᠯ᠎ᠠ ᠳ᠋ᠤ᠌ ᠪᠠᠨ 
ᠰᠢᠨᠡᠬᠡᠨ ᠭᠡᠷ ᠦ᠋ᠳ ᠢᠷᠠᠢᠭᠠᠳ 
ᠰᠦ ᠴᠠᠭ᠎ᠠ ᠬᠠᠩᠬᠤᠯᠤᠭᠰᠠᠨ 
ᠴᠡᠴᠡᠭᠲᠦ ᠬᠥᠳᠡᠭᠡ ᠨᠤᠲᠤᠭ ᠮᠢᠨᠢ 
ᠴᠡᠩᠭᠡᠯ ᠵᠢᠷᠭᠠᠯ ᠤ᠋ᠨ ᠣᠷᠳᠣᠨ ᠳᠠ ᠬᠦᠢ

ᠰᠠᠷᠠᠨ ᠤ᠋ ᠭᠡᠷᠡᠯ ᠢ᠋ᠶ᠋ᠡᠷ ᠰᠦᠯᠡᠭᠳᠡᠭᠰᠡᠨ 
ᠰᠠᠢᠬᠠᠨ ᠵᠤᠨ ᠤ᠋ ᠦᠳᠡᠰᠢ ᠪᠡᠷ
ᠬᠣᠲᠠᠨ ᠳ᠋ᠤ᠌ ᠬᠣᠨᠢᠳ ᠢᠷᠠᠭᠯᠠᠭᠠᠳ
ᠬᠣᠯᠠ ᠳ᠋ᠤ᠌ ᠪᠠᠨ ᠠᠳᠤᠭᠤᠳ ᠢᠨᠴᠠᠭᠠᠯᠳᠤᠭᠰᠠᠨ
ᠴᠡᠴᠡᠭᠲᠦ ᠬᠥᠳᠡᠭᠡ ᠨᠤᠲᠤᠭ ᠮᠢᠨᠢ
ᠴᠡᠩᠭᠡᠯ ᠵᠢᠷᠭᠠᠯ ᠤ᠋ᠨ ᠣᠷᠳᠣᠨ ᠳᠠ ᠬᠦᠢ

ᠴᠡᠩᠬᠡᠷ ᠮᠠᠨᠠᠨ ᠢ᠋ᠶ᠋ᠠᠷ ᠬᠥᠰᠢᠭᠡᠯᠡᠭᠳᠡᠭᠰᠡᠨ 
ᠴᠡᠯᠡᠭᠡᠷ ᠬᠥᠪᠴᠢ ᠶ᠋ᠢᠨ ᠬᠠᠩᠭᠠᠢ ᠳ᠋ᠤ᠌ ᠪᠠᠨ 
ᠤᠷᠠᠨ ᠰᠢᠪᠠᠭᠤᠳ ᠵᠢᠷᠭᠢᠯᠳᠦᠭᠡᠳ 
ᠣᠯᠠᠨ ᠮᠠᠯᠴᠢᠳ ᠪᠠᠶᠠᠰᠤᠯᠴᠠᠭᠰᠠᠨ
ᠴᠡᠴᠡᠭᠲᠦ ᠬᠥᠳᠡᠭᠡ ᠨᠤᠲᠤᠭ ᠮᠢᠨᠢ
ᠴᠡᠩᠭᠡᠯ ᠵᠢᠷᠭᠠᠯ ᠤ᠋ᠨ ᠣᠷᠳᠣᠨ ᠳᠠ ᠬᠦᠢ
ᠴᠡᠩᠭᠡᠯ ᠵᠢᠷᠭᠠᠯ ᠤ᠋ᠨ ᠣᠷᠳᠣᠨ ᠳᠠ ᠬᠦᠢ

     ᠢᠷᠡᠯᠲᠡ᠄ ᠮᠣᠩᠭᠣᠯ ᠳᠠᠭᠤᠤ ᠬᠥᠭᠵᠢᠮ ᠦ᠋ᠨ ᠰᠣᠨᠢᠷᠬᠠᠮᠵᠢ
     ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
     ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
     ᠦᠰᠦᠭ ᠬᠢᠨᠠᠭᠴᠢ᠄ ᠢᠷᠡᠭᠡᠳᠦᠢ