ᠢᠩᠭᠡᠨ ᠲᠡᠮᠡᠭᠡᠨ ᠦ᠌ ᠳᠠᠭᠤᠤIngen temeenii duu-Bayarhishig-Ингэн тэмээний дуу- Баярхишиг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠩᠭᠡᠨ ᠲᠡᠮᠡᠭᠡᠨ ᠦ᠌ ᠳᠠᠭᠤᠤIngen temeenii duu-Bayarhishig-Ингэн тэмээний дуу- Баярхишиг

ᠢᠩᠭᠡᠨ ᠲᠡᠮᠡᠭᠡᠨ ᠦ᠌ ᠳᠠᠭᠤᠤIngen temeenii duu-Bayarhishig-Ингэн тэмээний дуу- Баярхишиг

ᠠᠩᠭᠢᠯᠠᠯ:ᠳᠠᠭᠤᠤ ᠬᠥᠭᠵᠢᠮ
2026-04-10

268

ᠢᠩᠭᠡᠨ ᠲᠡᠮᠡᠭᠡᠨ ᠦ᠌ ᠳᠠᠭᠤᠤ


       ᠦᠭᠡ᠄ ᠨ· ᠠᠳᠢᠶ᠎ᠠ 
       ᠠᠶ᠎ᠠ᠄ ᠳ· ᠪᠡᠬᠢᠪᠠᠲᠤ 
       ᠳᠠᠭᠤᠴᠢᠨ᠄ ᠲ · ᠪᠠᠶᠠᠷᠬᠡᠰᠢᠭ 


ᠪᠣᠲᠣᠭᠣ ᠨᠢ ᠡᠨᠳᠡᠭᠰᠡᠨ ᠢᠩᠭᠡᠨ ᠲᠡᠮᠡᠭᠡ 
ᠪᠣᠷᠣᠬᠠᠨ ᠲᠤᠯᠤᠭᠠᠳ ᠢ᠋ ᠭᠠᠩᠬᠤᠲᠠᠯ᠎ᠠ ᠪᠤᠢᠯᠠᠨ᠎ᠠ 
ᠪᠣᠷᠪᠢ ᠪᠠᠨ ᠬᠥᠰᠢᠲᠡᠯ᠎ᠡ ᠠᠯᠤᠰ ᠢ᠋ ᠬᠠᠷᠠᠭᠤᠯᠳᠠᠭᠰᠠᠨ 
ᠪᠣᠰᠤᠭ᠎ᠠ ᠰᠠᠯᠬᠢᠨ ᠳ᠋ᠤ᠌ ᠭᠣᠷᠢᠳᠠᠩᠭᠤᠢ ᠪᠣᠢᠯᠠᠨ᠎ᠠ 

ᠡᠭᠡᠰᠢᠭᠲᠦ ᠬᠠᠢᠷᠴᠠᠭ ᠲᠠᠯᠪᠢᠭᠰᠠᠨ ᠡᠵᠢ ᠶ᠋ᠢᠨ ᠮᠢᠨᠢ 
ᠡᠩᠭᠡᠷ ᠦ᠋ᠨ ᠰᠢᠯᠪᠢ ᠶ᠋ᠢ ᠲᠠᠰᠤᠷᠠᠲᠠᠯ᠎ᠠ ᠪᠣᠢᠯᠠᠨ᠎ᠠ
ᠡᠭᠡᠷᠡᠮ᠎ᠡ ᠭᠣᠪᠢ ᠳ᠋ᠤ᠌ ᠪᠠᠨ ᠥᠰᠬᠡᠭᠰᠡᠨ ᠡᠵᠡᠨ ᠦ᠌ ᠪᠡᠨ
ᠡᠮᠡᠭᠡᠯ ᠦ᠋ᠨ ᠪᠦᠭᠦᠷᠭᠡ ᠶ᠋ᠢ ᠬᠠᠭᠠᠷᠠᠲᠠᠯ᠎ᠠ ᠪᠤᠢᠯᠠᠨ᠎ᠠ

ᠪᠣᠲᠣᠭᠣ ᠨᠢ ᠡᠨᠳᠡᠭᠰᠡᠨ ᠢᠩᠭᠡᠨ ᠲᠡᠮᠡᠭᠡ
ᠪᠣᠷᠣᠬᠠᠨ ᠲᠤᠯᠤᠭᠠᠳ ᠢ᠋ ᠭᠠᠩᠬᠤᠲᠠᠯ᠎ᠠ ᠪᠣᠢᠯᠠᠨ᠎ᠠ
ᠰᠢᠪᠰᠢᠨ ᠴᠢᠨᠦᠷᠡᠭᠰᠡᠨ ᠬᠥᠬᠥᠨ ᠡᠴᠡ ᠪᠡᠨ
ᠰᠢᠯᠢ ᠶ᠋ᠢᠨ ᠰᠦ ᠪᠡᠨ ᠰᠡᠳᠡᠷᠡᠲᠡᠯ᠎ᠡ ᠪᠣᠢᠯᠠᠨ᠎ᠠ

ᠡᠭᠡᠰᠢᠭᠲᠦ ᠬᠠᠢᠷᠴᠠᠭ ᠲᠠᠯᠪᠢᠭᠰᠠᠨ ᠡᠵᠢ ᠶ᠋ᠢᠨ ᠮᠢᠨᠢ
ᠡᠩᠭᠡᠷ ᠦ᠋ᠨ ᠰᠢᠯᠪᠢ ᠶ᠋ᠢ ᠲᠠᠰᠤᠷᠠᠲᠠᠯ᠎ᠠ ᠪᠣᠢᠯᠠᠨ᠎ᠠ
ᠡᠭᠡᠷᠡᠮ᠎ᠡ ᠭᠣᠪᠢ ᠳ᠋ᠤ᠌ ᠪᠠᠨ ᠥᠰᠬᠡᠭᠰᠡᠨ ᠡᠵᠡᠨ ᠦ᠌ ᠪᠡᠨ
ᠡᠮᠡᠭᠡᠯ ᠦ᠋ᠨ ᠪᠦᠭᠦᠷᠭᠡ ᠶ᠋ᠢ ᠬᠠᠭᠠᠷᠠᠲᠠᠯ᠎ᠠ ᠪᠤᠢᠯᠠᠨ᠎ᠠ

ᠪᠣᠲᠣᠭᠣ ᠨᠢ ᠡᠨᠳᠡᠭᠰᠡᠨ ᠢᠩᠭᠡᠨ ᠲᠡᠮᠡᠭᠡ
ᠪᠣᠷᠣᠬᠠᠨ ᠲᠤᠯᠤᠭᠠᠳ ᠢ᠋ ᠭᠠᠩᠬᠤᠲᠠᠯ᠎ᠠ ᠪᠤᠢᠯᠠᠨ᠎ᠠ
ᠦᠳᠡᠰᠢ ᠶ᠋ᠢᠨ ᠪᠦᠷᠦᠢ ᠰᠢᠭ ᠬᠠᠷᠠᠬᠠᠨ ᠨᠢᠳᠦᠨ ᠡᠴᠡ ᠪᠡᠨ
ᠦᠢᠯᠡ ᠶ᠋ᠢᠨ ᠨᠢᠯᠪᠤᠰᠤ ᠪᠠᠨ ᠰᠢᠷᠭᠢᠲᠡᠯ᠎ᠡ ᠪᠣᠢᠯᠠᠨ᠎ᠠ

ᠡᠭᠡᠰᠢᠭᠲᠦ ᠬᠠᠢᠷᠴᠠᠭ ᠲᠠᠯᠪᠢᠭᠰᠠᠨ ᠡᠵᠢ ᠶ᠋ᠢᠨ ᠮᠢᠨᠢ
ᠡᠩᠭᠡᠷ ᠦ᠋ᠨ ᠰᠢᠯᠪᠢ ᠶ᠋ᠢ ᠲᠠᠰᠤᠷᠠᠲᠠᠯ᠎ᠠ ᠪᠣᠢᠯᠠᠨ᠎ᠠ
ᠡᠭᠡᠷᠡᠮ᠎ᠡ ᠭᠣᠪᠢ ᠳ᠋ᠤ᠌ ᠪᠠᠨ ᠥᠰᠬᠡᠭᠰᠡᠨ ᠡᠵᠡᠨ ᠦ᠌ ᠪᠡᠨ
ᠡᠮᠡᠭᠡᠯ ᠦ᠋ᠨ ᠪᠦᠭᠦᠷᠭᠡ ᠶ᠋ᠢ ᠬᠠᠭᠠᠷᠠᠲᠠᠯ᠎ᠠ ᠪᠣᠢᠯᠠᠨ᠎ᠠ

ᠡᠭᠡᠰᠢᠭᠲᠦ ᠬᠠᠢᠷᠴᠠᠭ ᠲᠠᠯᠪᠢᠭᠰᠠᠨ ᠡᠵᠢ ᠶ᠋ᠢᠨ ᠮᠢᠨᠢ
ᠡᠩᠭᠡᠷ ᠦ᠋ᠨ ᠰᠢᠯᠪᠢ ᠶ᠋ᠢ ᠲᠠᠰᠤᠷᠠᠲᠠᠯ᠎ᠠ ᠪᠤᠢᠯᠠᠨ᠎ᠠ
ᠡᠭᠡᠷᠡᠮ᠎ᠡ ᠭᠣᠪᠢ ᠳ᠋ᠤ᠌ ᠪᠠᠨ ᠥᠰᠬᠡᠭᠰᠡᠨ ᠡᠵᠡᠨ ᠦ᠌ ᠪᠡᠨ
ᠡᠮᠡᠭᠡᠯ ᠦ᠋ᠨ ᠪᠦᠭᠦᠷᠭᠡ ᠶ᠋ᠢ ᠬᠠᠭᠠᠷᠠᠲᠠᠯ᠎ᠠ ᠪᠣᠢᠯᠠᠨ᠎ᠠ
ᠡᠮᠡᠭᠡᠯ ᠦ᠋ᠨ ᠪᠦᠭᠦᠷᠭᠡ ᠶ᠋ᠢ ᠬᠠᠭᠠᠷᠠᠲᠠᠯ᠎ᠠ ᠪᠣᠢᠯᠠᠨ᠎ᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ