ᠮᠣᠩᠭᠣᠯ ᠦᠰᠦᠭ ᠪᠢᠴᠢᠭ ᠢ᠋ᠶ᠋ᠡᠨ ᠦᠷᠭᠦᠯᠵᠢ ᠤᠩᠰᠢᠵᠤ ᠪᠢᠴᠢᠵᠦ ᠬᠡᠷᠡᠭᠯᠡᠶ᠎ᠡ ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠰᠦᠭ ᠪᠢᠴᠢᠭ ᠢ᠋ᠶ᠋ᠡᠨ ᠦᠷᠭᠦᠯᠵᠢ ᠤᠩᠰᠢᠵᠤ ᠪᠢᠴᠢᠵᠦ ᠬᠡᠷᠡᠭᠯᠡᠶ᠎ᠡ

ᠮᠣᠩᠭᠣᠯ ᠦᠰᠦᠭ ᠪᠢᠴᠢᠭ ᠢ᠋ᠶ᠋ᠡᠨ ᠦᠷᠭᠦᠯᠵᠢ ᠤᠩᠰᠢᠵᠤ ᠪᠢᠴᠢᠵᠦ ᠬᠡᠷᠡᠭᠯᠡᠶ᠎ᠡ

ᠠᠩᠭᠢᠯᠠᠯ:ᠪᠤᠤᠬᠢᠶ᠎ᠠ
2026-04-09

379

ᠮᠣᠩᠭᠣᠯ ᠦᠰᠦᠭ ᠪᠢᠴᠢᠭ ᠢ᠋ᠶ᠋ᠡᠨ ᠦᠷᠭᠦᠯᠵᠢ ᠤᠩᠰᠢᠵᠤ ᠪᠢᠴᠢᠵᠦ ᠬᠡᠷᠡᠭᠯᠡᠶ᠎ᠡ

ᠮᠣᠩᠭᠣᠯ ᠦᠰᠦᠭ ᠪᠢᠴᠢᠭ ᠢ᠋ᠶ᠋ᠡᠨ ᠦᠷᠭᠦᠯᠵᠢ ᠤᠩᠰᠢᠵᠤ ᠪᠢᠴᠢᠵᠦ ᠬᠡᠷᠡᠭᠯᠡᠶ᠎ᠡ 

1. ᠦᠵᠢᠶᠡᠳ ᠡᠷᠳᠡᠨᠢᠴᠡᠴᠡᠭ 
ᠴᠢᠩᠭᠢᠰ ᠬᠠᠭᠠᠨ ᠠ᠋ᠴᠠ ᠮᠤᠬᠤᠯᠠᠢ ᠶ᠋ᠢ ᠮᠠᠭᠲᠠᠭᠰᠠᠨ᠄ 
ᠲᠦᠢᠮᠡᠷ ᠮᠡᠲᠦ ᠲᠡᠢᠨ ᠳ᠋ᠦ᠍ ᠲᠦᠭᠳᠡᠷᠡᠯ ᠦᠭᠡᠢ ᠣᠷᠣᠭᠴᠢ ᠰᠦᠷᠲᠦ ᠵᠠᠭᠠᠨ ᠮᠢᠨᠢ 
ᠲᠤᠭ ᠰᠦᠯᠳᠡ ᠶ᠋ᠢ ᠮᠢᠨᠢ ᠪᠠᠷᠢᠵᠤ ᠦᠯᠦ ᠬᠥᠳᠡᠯᠦᠭᠴᠢ ᠴᠢᠯᠠᠭᠤᠨ ᠬᠥᠰᠢᠶ᠎ᠡ ᠮᠢᠨᠢ 
ᠲᠥᠯᠥᠪ ᠶᠡᠬᠡ ᠬᠤᠷᠢᠮ ᠳ᠋ᠤ᠌ ᠬᠣᠰᠢᠭᠤᠴᠢᠯᠠᠨ ᠪᠠᠢᠵᠤ ᠬᠦᠷᠭᠡᠭᠴᠢ 
ᠳᠡᠯᠭᠡᠷ ᠪᠠᠶᠠᠨ ᠰᠢᠭ᠋ ᠲᠡᠮᠡᠴᠡᠬᠦ ᠲᠡᠢᠨ ᠳ᠋ᠦ᠍ ᠮᠥᠰᠥᠨ ᠪᠣᠯᠣᠳ ᠢ᠋ ᠮᠢᠨᠢ ᠪᠠᠷᠢᠵᠤ ᠠᠶᠤᠯᠭᠠᠭᠴᠢ ᠭᠤᠸ᠎ᠠ ᠸᠠᠩ ᠴᠢᠩᠰᠠᠩ ᠮᠤᠬᠤᠯᠠᠢ ᠮᠢᠨᠢ᠃
2. ᠨᠤᠮᠤᠴᠢᠨ ᠪᠢᠯᠢᠭ
ᠤᠬᠠᠭᠠᠨ ᠲᠠᠢ ᠬᠥᠮᠦᠨ ᠪᠤᠷᠤᠭᠤ ᠪᠠᠨ ᠪᠡᠶ᠎ᠡ ᠡᠴᠡ ᠪᠡᠨ ᠡᠷᠢᠨ᠎ᠡ᠂
ᠤᠬᠠᠭᠠᠨ ᠦᠭᠡᠢ ᠬᠥᠮᠦᠨ ᠪᠤᠷᠤᠭᠤ ᠪᠠᠨ ᠪᠤᠰᠤᠳ ᠠ᠋ᠴᠠ ᠡᠷᠢᠨ᠎ᠡ᠃
3. ᠭᠠᠹᠠᠯᠮ᠎ᠠ
ᠮᠣᠩᠭᠣᠯᠴᠤᠳ ᠤ᠋ᠨ ᠬᠡᠦᠬᠡᠳ ᠰᠤᠷᠭᠠᠬᠤ ᠵᠢᠷᠭᠤᠭᠠᠨ ᠬᠣᠷᠢᠭ᠎ᠠ
ᠭᠠᠰᠢᠭᠤᠨ ᠢ᠋ᠶ᠋ᠠᠷ ᠪᠤᠤ ᠲᠡᠳᠬᠦ
ᠠᠮᠲᠠᠲᠠᠨ ᠢ᠋ᠶ᠋ᠠᠷ ᠪᠤᠤ ᠴᠠᠳᠬ᠎ᠠ
ᠥᠩᠭᠡᠨ ᠳ᠋ᠦ᠍ ᠪᠤᠤ ᠰᠢᠨᠤᠭᠤᠯ
ᠲᠠᠩᠰᠤᠭ ᠲᠤ᠌ ᠪᠤᠤ ᠤᠮᠪᠠᠭᠤᠯ
ᠤᠯᠠᠢ ᠪᠤᠤ ᠦᠵᠡᠭᠦᠯ
ᠨᠣᠢᠷ ᠲᠤ᠌ ᠪᠤᠤ ᠠᠪᠲᠠᠭᠤᠯ᠃
4. ᠠᠳᠢᠶ᠎ᠠ
ᠳᠠᠶᠠᠭᠠᠷ ᠠᠮᠤᠭᠤᠯᠠᠩ᠂ ᠰᠠᠢᠬᠠᠨ ᠬᠠᠪᠤᠷᠵᠢᠵᠤ ᠪᠠᠢᠨ᠎ᠠ ᠤᠤ᠃ ᠡᠳᠦᠷ ᠪᠦᠷᠢ ᠮᠣᠩᠭᠣᠯ ᠦᠰᠦᠭ ᠪᠢᠴᠢᠭ ᠢ᠋ᠶ᠋ᠡᠨ ᠤᠩᠰᠢᠵᠤ ᠪᠢᠴᠢᠵᠦ ᠬᠡᠷᠡᠭᠯᠡᠶ᠎ᠡ᠃
5. ᠦᠵᠢᠶᠡᠳ ᠡᠷᠳᠡᠨᠢᠴᠡᠴᠡᠭ
ᠴᠢᠩᠭᠢᠰ ᠬᠠᠭᠠᠨ ᠬᠦᠯᠦᠭ ᠪᠤᠭᠤᠷᠴᠢ ᠶ᠋ᠢ ᠮᠠᠭᠲᠠᠭᠰᠠᠨ ᠨᠢ᠄
ᠨᠠᠮ᠎ᠠ ᠶ᠋ᠢ ᠵᠠᠯᠠᠭᠤ ᠪᠠᠢᠬᠤ ᠴᠠᠭ ᠲᠤ᠌
ᠨᠠᠢ᠍ᠮᠠᠨ ᠰᠢᠷᠭ᠎ᠠ ᠶ᠋ᠢ ᠡᠷᠢᠬᠦ ᠦᠶ᠎ᠡ ᠳ᠋ᠦ᠍
ᠨᠠᠷᠠᠨ ᠤᠷᠭᠤᠬᠤ ᠬᠢᠷᠢ ᠳ᠋ᠦ᠍
ᠨᠠᠳᠠ ᠲᠠᠢ ᠠᠭᠤᠯᠵᠠᠭᠰᠠᠨ ᠠ᠋ᠴᠠ ᠬᠣᠢᠰᠢ
ᠨᠠᠰᠤᠳᠠ ᠦᠨᠡᠨ ᠢ᠋ᠶ᠋ᠡᠷ ᠵᠢᠳᠬᠦᠭᠰᠡᠨ
ᠨᠠᠬᠤ ᠪᠠᠶᠠᠨ ᠤ᠋ ᠬᠥᠪᠡᠭᠦᠨ ᠨᠠᠢᠷᠲᠤ ᠬᠦᠯᠦᠭ ᠪᠤᠭᠤᠷᠴᠢ ᠮᠢᠨᠢ!
ᠠᠢᠯ ᠵᠠᠭᠤᠷ᠎ᠠ ᠶᠠᠪᠤᠬᠤ ᠳ᠋ᠤ᠌
ᠠᠯᠠᠭ ᠪᠢᠷᠠᠭᠤ ᠮᠡᠲᠦ ᠨᠣᠮᠣᠬᠠᠨ ᠪᠠᠢᠪᠠᠴᠤ
ᠠᠯᠠᠯᠴᠠᠬᠤ ᠳᠠᠢᠰᠤᠨ ᠲᠠᠢ ᠠᠭᠤᠯᠵᠠᠬᠤ ᠳ᠋ᠤ᠌
ᠠᠷᠰᠯᠠᠨ ᠪᠠᠷᠰ ᠮᠡᠲᠦ ᠳᠣᠭᠰᠢᠷᠠᠵᠤ
ᠠᠶᠤᠯᠲᠤ ᠳᠠᠢᠰᠤᠨ ᠢ᠋ ᠳᠠᠷᠤᠬᠤ ᠶ᠋ᠢᠨ ᠲᠥᠯᠥᠭᠡ
ᠠᠮᠢ ᠪᠡᠶ᠎ᠡ ᠪᠡᠨ ᠦᠯᠦ ᠬᠠᠢᠷᠠᠯᠠᠭᠴᠢ
ᠠᠴᠢᠲᠤ ᠬᠦᠯᠦᠭ ᠪᠤᠭᠤᠷᠴᠢ ᠮᠢᠨᠢ!
6. ᠤᠤᠭᠠᠨᠵᠢᠳ
ᠥᠩᠭᠡᠪᠴᠢ ᠶᠢᠷᠲᠢᠨᠴᠦ ᠶ᠋ᠢᠨ ᠦᠨᠡᠨ ᠬᠤᠳᠠᠯ ᠬᠣᠶᠠᠷ ᠤ᠋ᠨ ᠳᠤᠮᠳᠠ
ᠥᠪᠡᠷ ᠡᠴᠡ ᠴᠢᠨᠢ ᠢᠯᠡᠭᠦᠦ ᠴᠢᠮ᠎ᠠ ᠶ᠋ᠢ ᠥᠷᠥᠪᠳᠦᠬᠦ ᠬᠥᠮᠦᠨ ᠪᠠᠢᠬᠤ ᠦᠭᠡᠢ᠃
7. ᠭᠠᠹᠠᠯᠮ᠎ᠠ
ᠱᠠᠭ᠎ᠠ
ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠱᠠᠭ᠎ᠠ ᠲᠣᠭᠯᠠᠭᠠᠮ ᠪᠣᠯ ᠮᠠᠨ ᠤ᠋ ᠡᠪᠦᠭᠡ ᠳᠡᠭᠡᠳᠦᠰ ᠦ᠋ᠨ ᠣᠯᠠᠨ ᠵᠠᠭᠤᠨ ᠮᠢᠩᠭᠠᠨ ᠵᠢᠯ ᠦ᠋ᠨ ᠠᠪᠠ ᠠᠩᠨᠠᠯ᠂ ᠨᠡᠭᠦᠳᠡᠯ ᠮᠠᠯᠵᠢᠯ ᠤ᠋ᠨ ᠪᠣᠳᠠᠲᠠᠢ ᠠᠮᠢᠳᠤᠷᠠᠯ ᠠ᠋ᠴᠠ ᠡᠭᠦᠰᠴᠦ ᠬᠥᠭᠵᠢᠨ ᠤᠯᠠᠮᠵᠢᠯᠠᠭᠳᠠᠭᠰᠠᠭᠠᠷ ᠢᠷᠡᠭᠰᠡᠨ ᠢᠷᠭᠡᠨᠰᠢᠯ ᠦ᠋ᠨ ᠰᠣᠶᠣᠯ ᠤ᠋ᠨ ᠳᠣᠲᠣᠷᠠᠬᠢ ᠨᠢᠭᠡᠨ ᠭᠠᠢᠬᠠᠮᠰᠢᠭ ᠪᠢᠯᠡ᠃
ᠱᠠᠭ᠎ᠠ ᠲᠣᠭᠯᠠᠭᠠᠮ ᠨᠢ ᠮᠣᠩᠭᠣᠯ ᠬᠥᠮᠦᠨ ᠦ᠌ ᠠᠵᠤ ᠠᠮᠢᠳᠤᠷᠠᠯ ᠤ᠋ᠨ ᠬᠥᠷᠥᠰᠥ ᠰᠢᠷᠣᠢ ᠠ᠋ᠴᠠ ᠬᠦᠪᠦᠷᠡᠨ ᠰᠣᠶᠣᠭᠠᠯᠠᠭᠠᠳ ᠤᠷᠭᠤᠨ ᠳᠡᠯᠭᠡᠷᠡᠭᠰᠡᠨ ᠰᠣᠶᠣᠯ ᠤ᠋ᠨ ᠨᠢᠭᠡᠨ ᠰᠣᠷᠭᠣᠭ ᠴᠡᠴᠡᠭ ᠪᠥᠭᠡᠳ ᠳᠡᠯᠡᠬᠡᠢ ᠶ᠋ᠢᠨ ᠶᠠᠩᠵᠤ ᠪᠦᠷᠢ ᠶ᠋ᠢᠨ ᠤᠯᠤᠰ ᠣᠷᠣᠨ ᠤ᠋ ᠬᠥᠮᠦᠨ ᠠᠷᠠᠳ ᠤ᠋ᠨ ᠣᠶᠤᠨ ᠤ᠋ ᠲᠣᠭᠯᠠᠭᠠᠮ ᠤ᠋ᠨ ᠳᠣᠲᠣᠷ᠎ᠠ᠂ ᠥᠪᠡᠷᠮᠢᠴᠡ ᠮᠣᠩᠭᠣᠯ ᠣᠨᠴᠠᠯᠢᠭ ᠲᠠᠢ ᠪᠠᠢᠳᠠᠭ ᠢ᠋ᠶ᠋ᠠᠷ ᠢ᠋ᠶ᠋ᠠᠨ ᠬᠥᠮᠦᠨ ᠣᠯᠠᠨ ᠤ᠋ ᠰᠣᠨᠢᠷᠬᠠᠯ ᠢ᠋ ᠲᠠᠲᠠᠳᠠᠭ᠃
8. ᠨᠠᠷᠠᠨᠲᠣᠭᠣᠰ
ᠦᠳᠡ ᠶ᠋ᠢᠨ ᠨᠠᠷᠠ ᠶ᠋ᠢ ᠭᠣᠣᠯᠯᠠᠳᠠᠭ ᠦᠭᠡᠢ
ᠡᠭᠦᠳᠡ ᠪᠡᠷ ᠱᠠᠭᠠᠢᠵᠤ ᠬᠠᠷᠠᠳᠠᠭ ᠦᠭᠡᠢ
ᠦᠳᠡᠰᠢ ᠪᠡᠷ ᠬᠣᠭ ᠢ᠋ᠶ᠋ᠠᠨ ᠭᠠᠷᠭᠠᠳᠠᠭ ᠦᠭᠡᠢ
ᠦᠨᠡᠨ ᠮᠣᠩᠭᠣᠯ ᠤᠬᠠᠭᠠᠨ᠃
9. ᠵᠢᠷᠠᠨᠲᠠᠢ
ᠪᠤᠴᠠᠵᠤ ᠴᠢᠳᠠᠬᠤ ᠦᠭᠡᠢ ᠴᠠᠭ ᠢ᠋ ᠤᠬᠠᠭᠠᠷᠠᠯ ᠭᠡᠳᠡᠭ
ᠠᠷᠴᠢᠵᠤ ᠴᠢᠳᠠᠬᠤ ᠦᠭᠡᠢ ᠠᠯᠳᠠᠭ᠎ᠠ ᠶ᠋ᠢ ᠬᠠᠷᠠᠮᠰᠠᠯ ᠭᠡᠳᠡᠭ
ᠣᠷᠣᠢᠲᠠᠵᠤ ᠤᠨᠠᠭᠠᠭᠰᠠᠨ ᠨᠢᠯᠪᠤᠰᠤ ᠶ᠋ᠢ ᠭᠡᠮᠰᠢᠯ ᠭᠡᠳᠡᠭ
ᠤᠬᠢᠯᠠᠵᠤ ᠳᠠᠭᠤᠯᠠᠵᠤ ᠶᠠᠪᠤᠬᠤ ᠶ᠋ᠢ ᠠᠮᠢᠳᠤᠷᠠᠯ ᠭᠡᠳᠡᠭ᠃
10. ᠰᠣᠨᠢᠨᠴᠡᠴᠡᠭ
ᠨᠣᠮ ᠤ᠋ᠨ ᠤᠳᠬ᠎ᠠ ᠠᠨᠤ ᠲᠩᠷᠢ ᠮᠡᠲᠦ ᠠᠭᠤᠤ
ᠳᠡᠯᠡᠬᠡᠢ ᠮᠡᠲᠦ ᠥᠷᠭᠡᠨ᠂ ᠳᠠᠯᠠᠢ ᠮᠡᠲᠦ ᠭᠦᠨ
ᠨᠣᠮ ᠤᠩᠰᠢᠬᠤ ᠠᠨᠤ ᠲᠩᠷᠢ ᠳ᠋ᠦ᠍ ᠨᠢᠰᠴᠦ᠂
ᠳᠡᠯᠡᠬᠡᠢ ᠶ᠋ᠢ ᠲᠣᠭᠣᠷᠢᠵᠤ ᠳᠠᠯᠠᠢ ᠳ᠋ᠤ᠌ ᠬᠥᠪᠬᠦ ᠮᠡᠲᠦ᠃ ᠴ᠊· ᠳᠠᠮᠳᠢᠨᠰᠦ᠋ᠷᠦᠩ
11. ᠦᠵᠢᠶᠡᠳ ᠡᠷᠳᠡᠨᠢᠴᠡᠴᠡᠭ
ᠬᠠᠨᠢᠯᠠᠵᠤ ᠶᠠᠪᠤᠬᠤ ᠴᠠᠭ ᠲᠤ᠌ ᠬᠠᠷ᠎ᠠ ᠪᠢᠷᠠᠭᠤ ᠮᠡᠲᠦ ᠨᠣᠮᠣᠬᠠᠨ ᠪᠠᠢᠪᠠᠴᠤ
ᠬᠠᠳᠬᠤᠯᠳᠤᠬᠤ ᠳᠠᠢᠰᠤᠨ ᠲᠠᠢ ᠲᠤᠯᠬᠤ ᠴᠠᠭ ᠲᠤ᠌ ᠬᠠᠷᠴᠠᠭ᠎ᠠ ᠱᠣᠩᠬᠣᠷ ᠮᠡᠲᠦ ᠳᠣᠭᠰᠢᠷᠠᠵᠤ
ᠬᠠᠷᠢ ᠶ᠋ᠢᠨ ᠳᠠᠢᠰᠤᠨ ᠢ᠋ ᠳᠠᠷᠤᠬᠤ ᠶ᠋ᠢᠨ ᠲᠥᠯᠥᠭᠡ
ᠬᠠᠯᠠᠭᠤᠨ ᠠᠮᠢ ᠪᠠᠨ ᠦᠯᠦ ᠪᠣᠳᠣᠭᠴᠢ ᠬᠠᠢᠷᠠᠲᠤ ᠬᠦᠯᠦᠭ ᠪᠤᠭᠤᠷᠴᠢ ᠮᠢᠨᠢ!
ᠢᠨᠢᠶᠡᠯᠳᠦᠨ ᠶᠠᠪᠤᠬᠤ ᠴᠠᠭ ᠲᠤ᠌ ᠢᠵᠢᠯᠢ ᠪᠢᠷᠠᠭᠤ ᠮᠡᠲᠦ ᠨᠣᠮᠣᠬᠠᠨ ᠪᠠᠢᠪᠠᠴᠤ
ᠢᠷᠡᠬᠦ ᠳᠠᠢᠰᠤᠨ ᠤᠴᠠᠷᠠᠬᠤ ᠳ᠋ᠤ᠌ ᠢᠳᠡᠲᠦ ᠠᠷᠢᠶᠠᠲᠠᠨ ᠮᠡᠲᠦ ᠳᠣᠭᠰᠢᠷᠠᠵᠤ
ᠢᠳᠡᠮᠡᠬᠡᠢ ᠳᠠᠢᠰᠤᠨ ᠢ᠋ ᠳᠠᠷᠤᠬᠤ ᠶ᠋ᠢᠨ ᠲᠥᠯᠥᠭᠡ
ᠢᠲᠡᠭᠡᠯᠲᠦ ᠪᠡᠶ᠎ᠡ ᠪᠡᠨ ᠦᠯᠦ ᠬᠠᠢᠷᠠᠯᠠᠭᠴᠢ ᠢᠪᠡᠭᠡᠯᠲᠦ ᠨᠥᠬᠥᠷ ᠪᠤᠭᠤᠷᠴᠢ ᠮᠢᠨᠢ!
12. ᠳᠠᠯᠠᠨᠲᠠᠢ
ᠬᠦᠰᠡᠯ ᠢ᠋ ᠪᠡᠶᠡᠯᠡᠭᠦᠯᠬᠦ ᠳ᠋ᠦ᠍ ᠬᠠᠷᠠᠯᠲᠠ ᠬᠡᠷᠡᠭᠲᠡᠢ
ᠬᠥᠮᠦᠨ ᠢ᠋ ᠬᠡᠷᠡᠭᠯᠡᠬᠦ ᠳ᠋ᠦ᠍ ᠢᠲᠡᠭᠡᠯ ᠬᠡᠷᠡᠭᠲᠡᠢ
ᠬᠥᠳᠡᠯᠮᠦᠷᠢ ᠬᠢᠬᠦ ᠳ᠋ᠦ᠍ ᠬᠦᠴᠦ ᠬᠡᠷᠡᠭᠲᠡᠢ
ᠬᠦᠴᠢᠷ ᠢ᠋ ᠢᠯᠠᠬᠤ ᠳ᠋ᠤ᠌ ᠰᠥᠰᠥ ᠬᠡᠷᠡᠭᠲᠡᠢ
ᠬᠦᠯᠦᠭ ᠢ᠋ᠶ᠋ᠡᠨ ᠰᠤᠷᠭᠠᠬᠤ ᠳ᠋ᠤ᠌ ᠠᠷᠭ᠎ᠠ ᠬᠡᠷᠡᠭᠲᠡᠢ
ᠬᠥᠰᠢᠭᠦᠷᠭᠡ ᠶ᠋ᠢ ᠬᠡᠷᠡᠭᠯᠡᠬᠦ ᠳ᠋ᠦ᠍ ᠳᠠᠮ ᠬᠡᠷᠡᠭᠲᠡᠢ
ᠬᠥᠮᠦᠵᠢᠯ ᠢ᠋ ᠬᠦᠷᠲᠡᠭᠡᠬᠦ ᠳ᠋ᠦ᠍ ᠰᠤᠷᠭᠠᠯ ᠬᠡᠷᠡᠭᠲᠡᠢ
ᠬᠥᠮᠦᠨ ᠢ᠋ ᠵᠠᠰᠠᠬᠤ ᠳ᠋ᠤ᠌ ᠬᠠᠤᠯᠢ ᠪᠠᠢᠬᠤ ᠬᠡᠷᠡᠭᠲᠡᠢ᠃
13. ᠭᠠᠹᠠᠯᠮ᠎ᠠ
ᠪᠣᠯᠵᠣᠮᠣᠷ ᠤ᠋ᠨ ᠡᠵᠢ ᠨᠢ ᠦᠯᠢᠭᠡᠷ ᠶᠠᠷᠢᠨ᠎ᠠ ᠪᠣᠷᠣ ᠬᠡᠦᠬᠡᠳ ᠨᠢ ᠳᠡᠯᠳᠡᠢᠲᠡᠯ᠎ᠡ ᠰᠣᠨᠣᠰᠤᠨ᠎ᠠ ᠬᠠᠶᠠ ᠨᠢᠭᠡ ᠨᠢ ᠨᠢᠳᠦ ᠪᠡᠨ ᠠᠨᠢᠯᠳᠤᠭᠤᠯᠤᠨ᠎ᠠ᠂ ᠬᠠᠵᠠᠭᠤᠳᠠᠬᠢ ᠨᠢᠭᠡ ᠨᠢ ᠶᠣᠪᠣᠷᠤᠭᠠᠳ ᠲᠡᠭᠦᠨ ᠢ᠋ ᠰᠡᠷᠡᠭᠡᠨ᠎ᠡ᠃ ᠲᠡᠳᠡᠨᠦᠰ ᠣᠳᠣ ᠪᠣᠯᠲᠠᠯ᠎ᠠ ᠳᠡᠭᠡᠳᠦᠰ ᠦ᠋ᠨ ᠢ᠋ᠶ᠋ᠡᠨ ᠬᠡᠯᠡ ᠪᠡᠷ ᠶᠠᠷᠢᠨ᠎ᠠ᠃ ᠥᠭᠡᠷ᠎ᠡ ᠶᠠᠮᠠᠷ ᠬᠡᠯᠡ ᠶ᠋ᠢ ᠴᠦ᠍ ᠥᠪᠡᠷ ᠦ᠋ᠨ ᠬᠡᠯᠡ ᠪᠡᠷ ᠢ᠋ᠶ᠋ᠡᠨ ᠶᠠᠷᠢᠨ᠎ᠠ᠃ ᠪᠣᠯᠵᠣᠮᠣᠷ ᠤ᠋ᠨ ᠡᠵᠢ ᠨᠢ ᠦᠯᠢᠭᠡᠷ ᠶᠠᠷᠢᠨ᠎ᠠ ᠪᠣᠷᠣ ᠬᠡᠦᠬᠡᠳ ᠨᠢ ᠳᠡᠯᠳᠡᠢᠲᠡᠯ᠎ᠡ ᠰᠣᠨᠣᠰᠤᠨ᠎ᠠ ᠬᠠᠮᠢᠭ᠎ᠠ ᠶᠠᠪᠤᠭᠰᠠᠨ ᠴᠤ᠌ ᠲᠡᠳᠡᠨᠦᠰ ᠬᠠᠢᠷᠠᠲᠠᠢ ᠡᠵᠢ ᠶ᠋ᠢᠨ ᠢ᠋ᠶ᠋ᠡᠨ ᠬᠡᠯᠡ ᠪᠡᠷ ᠶᠠᠷᠢᠨ᠎ᠠ᠃
14. ᠮᠥᠩᠭᠥᠨ
ᠪᠤᠷᠬᠠᠨ ᠰᠢᠭ᠋ ᠶᠠᠪᠤᠬᠤ ᠳ᠋ᠤ᠌ ᠪᠤᠭ ᠰᠢᠭ᠋ ᠠᠲᠠᠯᠠᠳᠠᠭ ᠬᠠᠴᠢᠨ ᠬᠣᠷᠸ᠎ᠠ
ᠭ᠂ ᠴᠢᠩᠪᠠᠭᠠᠲᠤᠷ
ᠰᠥᠨᠢ ᠮᠡᠲᠦ ᠡᠳᠦᠷ ᠦ᠋ᠳ ᠢ᠋ ᠲᠣᠭᠠᠴᠢᠵᠤ
ᠰᠡᠭᠦᠳᠡᠷ ᠮᠡᠲᠦ ᠲᠠᠪᠢᠯᠠᠩ ᠢ᠋ᠶ᠋ᠠᠨ ᠬᠤᠭᠤᠴᠢᠵᠤ
ᠰᠦ ᠮᠡᠲᠦ ᠮᠥᠷᠥᠭᠡᠳᠦᠯ ᠳ᠋ᠡᠭᠡᠨ ᠲᠠᠷᠴᠢᠯᠠᠵᠤ
ᠬᠣᠷᠸ᠎ᠠ ᠶ᠋ᠢ ᠳᠣᠭᠣᠯᠤᠨᠠᠮ ᠪᠢ ᠬᠣᠯᠠ ᠶ᠋ᠢ ᠵᠣᠷᠢᠨᠠᠮ ᠪᠢ!
15. ᠠᠳᠢᠶ᠎ᠠ
ᠰᠡᠳᠬᠢᠯ ᠦ᠋ᠨ ᠴᠠᠭᠠᠨ ᠬᠠᠷᠠᠭᠳᠠᠬᠤ ᠦᠭᠡᠢ ᠴᠦ᠍ ᠭᠡᠷᠡᠯᠲᠡᠢ
ᠰᠠᠷᠠᠨ ᠤ᠋ ᠲᠤᠶᠠᠭ᠎ᠠ ᠬᠠᠷᠠᠩᠭᠤᠢ ᠴᠤ᠌ ᠭᠡᠷᠡᠯᠲᠡᠢ᠃
16. ᠮᠡᠷᠭᠡᠨᠪᠢᠯᠢᠭ
ᠭᠠᠵᠠᠷ ᠰᠢᠷᠣᠢ ᠮᠢᠨᠢ ᠪᠠᠢᠭᠰᠠᠨ ᠴᠠᠭ ᠲᠤ᠌
ᠠᠭᠤᠯᠠ ᠶ᠋ᠢᠨ ᠴᠢᠨᠡᠭᠡᠨ ᠠᠯᠲᠠ ᠪᠠᠷ ᠶᠠᠭᠠᠬᠢᠬᠤ ᠶᠤᠮ!
ᠭᠠᠵᠠᠷ ᠰᠢᠷᠣᠢ ᠪᠠᠨ ᠠᠯᠳᠠᠭᠰᠠᠨ ᠴᠠᠭ ᠲᠤ᠌
ᠤᠲᠠᠰᠤᠨ ᠴᠢᠨᠡᠭᠡᠨ ᠠᠮᠢ ᠪᠠᠷ ᠴᠦ᠍ ᠶᠠᠭᠠᠬᠢᠬᠤ ᠶᠤᠮ!
ᠪᠤᠷᠬᠠᠨ ᠭᠤᠶᠤᠭᠰᠠᠨ ᠴᠤ᠌ ᠪᠤᠤ ᠥᠭ!
17. ᠭᠠᠹᠠᠯᠮ᠎ᠠ
ᠤᠪᠠᠳᠢᠰ ᠲᠡᠭᠦᠰ ᠨᠣᠮ ᠪᠢᠴᠢᠭ ᠢ᠋ ᠤᠩᠰᠢᠭᠠᠷᠠᠢ!
ᠬᠡᠷᠪᠡ ᠤᠪᠠᠳᠢᠰ ᠲᠡᠭᠦᠰ ᠨᠣᠮ ᠪᠢᠴᠢᠭ ᠢ᠋ ᠤᠩᠰᠢᠵᠤ ᠣᠯᠳᠣᠢ ᠬᠦᠳᠡᠭᠢ ᠪᠡᠨ ᠪᠥᠭᠯᠡᠪᠡᠯ᠂ ᠬᠡᠨ ᠳᠠᠷᠤᠢ ᠪᠦᠬᠦᠯᠢ ᠠᠷᠪᠠᠨ ᠬᠤᠪᠢ ᠪᠣᠷᠭᠢᠯ ᠰᠡᠷᠭᠦᠯᠡᠩ ᠪᠣᠯᠵᠤ᠂ ᠪᠤᠰᠤᠳ ᠠ᠋ᠴᠠ ᠪᠣᠰᠤᠭ᠎ᠠ᠃ ᠥᠨᠳᠥᠷ ᠳᠡᠭᠡᠷ᠎ᠡ ᠵᠣᠭᠰᠣᠨ ᠪᠠᠷ᠎ᠠ ᠶ᠋ᠢᠨ ᠠᠯᠤᠰ ᠢ᠋ ᠰᠢᠷᠳᠡᠵᠦ᠂ ᠪᠠᠳᠠᠷᠠᠭᠠᠳ ᠬᠣᠯᠠ ᠠᠶᠠᠯᠠᠵᠤ᠂ ᠪᠤᠰᠤᠳ ᠠ᠋ᠴᠠ ᠢᠯᠡᠭᠦᠦ ᠪᠠᠷᠴᠢᠳ
ᠵᠣᠪᠠᠭᠤᠷᠢ ᠪᠠ ᠪᠠᠯᠢᠶᠠᠷ ᠭᠠᠰᠠᠯᠠᠩ ᠢ᠋ ᠳᠠᠭᠠᠭᠠᠵᠤ᠂ ᠪᠠᠶᠠᠰᠤᠯ ᠳ᠋ᠤ᠌ ᠢᠯᠠᠯᠲᠠ ᠶ᠋ᠢᠨ ᠪᠡᠬᠢᠵᠢᠭᠦᠨ ᠰᠠᠭᠤᠷᠢ ᠪᠠᠨ ᠪᠦᠬᠦᠨ ᠡᠴᠡ ᠢᠯᠡᠭᠦᠦ ᠪᠠᠲᠤ ᠵᠤᠵᠠᠭᠠᠨ᠂ ᠥᠷᠭᠡᠨ ᠪᠤᠰᠤᠳ ᠠ᠋ᠴᠠ ᠬᠤᠷᠳᠤᠨ ᠪᠦᠲᠦᠮᠵᠢ ᠣᠯᠵᠤ᠂ ᠪᠤᠰᠤᠳ ᠠ᠋ᠴᠠ ᠢᠯᠡᠭᠦᠦ ᠵᠢᠷᠭᠠᠵᠤ᠂ ᠪᠤᠰᠤᠳ ᠠ᠋ᠴᠠ ᠢᠯᠡᠭᠦᠦ ᠪᠡᠶᠡᠰᠴᠦ ᠪᠦᠬᠦ ᠨᠠᠰᠤ ᠪᠠᠨ ᠪᠠᠳᠠᠷᠠᠭᠠᠳ ᠴᠡᠴᠡᠭᠯᠡᠯ᠂ ᠳᠤᠮᠳᠠ ᠥᠩᠭᠡᠷᠡᠭᠡᠨ᠎ᠡ᠃
18. ᠠᠯᠲᠠᠨᠴᠢᠮᠡᠭ
ᠬᠥᠮᠦᠨ ᠳ᠋ᠦ᠍ ᠶᠠᠭᠤ ᠴᠢᠬᠤᠯᠠ ᠪᠣᠢ
ᠬᠡᠯᠡᠯᠭᠡᠨ ᠦᠭᠡᠢ ᠶᠠᠭᠤ ᠳᠤᠲᠠᠪᠠᠯ ᠶᠠᠭᠤ ᠴᠢᠬᠤᠯᠠ᠂
ᠭᠡᠪᠡᠴᠦ ᠬᠠᠮᠤᠭ ᠤ᠋ᠨ ᠴᠢᠬᠤᠯᠠ ᠨᠢ ᠬᠠᠰᠢᠯᠠ ᠡᠷᠡᠭᠦᠯ ᠪᠡᠶ᠎ᠡ᠂
ᠰᠠᠷᠠᠭᠤᠯ ᠤᠬᠠᠭᠠᠨ ᠶᠠᠭᠤᠨ ᠠ᠋ᠴᠠ ᠴᠤ᠌ ᠴᠢᠬᠤᠯᠠ!
19. ᠰᠣᠨᠢᠨᠴᠡᠴᠡᠭ
ᠬᠡᠳᠦᠢ ᠶᠠᠳᠠᠷᠠᠵᠤ ᠵᠦᠳᠡᠷᠡᠭᠰᠡᠨ ᠴᠦ᠍ ᠨᠣᠮ ᠤᠩᠰᠢᠭᠠᠷᠠᠢ! ᠬᠡᠳᠦᠢ ᠶᠠᠭᠠᠷᠠᠤ ᠪᠠᠢᠭᠰᠠᠨ ᠴᠤ᠌ ᠨᠣᠮ ᠤᠩᠰᠢᠭᠠᠷᠠᠢ! ᠣᠷᠣᠯᠭ᠎ᠠ ᠬᠡᠳᠦᠢ ᠪᠠᠭ᠎ᠠ ᠪᠠᠢᠭᠰᠠᠨ ᠴᠤ᠌ ᠨᠣᠮ ᠬᠤᠳᠠᠯᠳᠤᠨ ᠠᠪᠤᠭᠠᠷᠠᠢ! ᠨᠣᠮ ᠪᠢᠴᠢᠭ ᠨᠢ ᠴᠢᠮ᠎ᠠ ᠳ᠋ᠤ᠌ ᠠᠯᠢᠪᠠ ᠶ᠋ᠢ ᠣᠯᠭᠣᠵᠤ ᠴᠢᠳᠠᠬᠤ ᠶᠤᠮ᠃
20. ᠠᠶᠣᠷᠽᠠᠨ᠎ᠠ ᠄
ᠥᠪ ᠰᠣᠶᠣᠯ ᠢ᠋ᠶ᠋ᠠᠨ ᠡᠷᠬᠢᠮᠯᠡᠨ ᠳᠡᠭᠡᠳᠦᠯᠡᠵᠦ᠂ ᠦᠰᠦᠭ ᠪᠢᠴᠢᠭ ᠢ᠋ᠶ᠋ᠡᠨ ᠬᠠᠮᠠᠭᠠᠯᠠᠵᠠᠭᠠᠶ᠎ᠠ!!!
21. ᠭᠠᠹᠠᠯᠮ᠎ᠠ
ᠰᠢᠳᠡᠷ᠎ᠡ
ᠮᠣᠩᠭᠣᠯ ᠰᠢᠳᠡᠷ᠎ᠡ ᠪᠣᠯ ᠤᠷᠲᠤ ᠤᠳᠠᠭᠠᠨ ᠲᠡᠦᠬᠡ ᠲᠡᠢ᠂ ᠵᠠᠯᠠᠭᠤ ᠪᠠᠭᠠᠴᠤᠳ ᠤ᠋ᠨ ᠣᠢ ᠪᠢᠯᠢᠭ ᠢ᠋ ᠨᠡᠭᠡᠭᠡᠭᠳᠡᠭᠦᠯᠦᠨ ᠤᠬᠠᠭᠠᠨ ᠪᠣᠳᠣᠯᠭ᠎ᠠ ᠶ᠋ᠢ ᠨᠢ ᠬᠤᠷᠴᠠᠯᠠᠳᠠᠭ ᠳᠡᠭᠡᠳᠦ ᠵᠡᠷᠭᠡ ᠶ᠋ᠢᠨ ᠨᠠᠭᠠᠳᠤᠮ ᠶᠤᠮ᠃ ᠮᠣᠩᠭᠣᠯ ᠰᠢᠲᠠᠷ᠎ᠠ ᠨᠢ ᠰᠤᠷᠭᠠᠨ ᠬᠥᠮᠦᠵᠢᠭᠦᠯᠬᠦ ᠤᠬᠠᠭᠠᠨ᠂ ᠵᠠᠩ ᠦᠢᠯᠡ ᠶ᠋ᠢᠨ ᠤᠬᠠᠭᠠᠨ᠂ ᠭᠦᠨ ᠤᠬᠠᠭᠠᠨ᠂ ᠴᠡᠷᠢᠭ ᠦ᠋ᠨ ᠤᠬᠠᠭᠠᠨ᠂ ᠵᠢᠷᠤᠬᠠᠢ ᠶ᠋ᠢᠨ ᠤᠬᠠᠭᠠᠨ᠂
22. ᠦᠵᠢᠶᠡᠳ ᠡᠷᠳᠡᠨᠢᠴᠡᠴᠡᠭ
ᠴᠢᠯᠠᠭᠤᠨ ᠡᠷᠡᠯᠬᠡᠭ ᠪᠠᠭᠠᠲᠤᠷ ᠤᠴᠢᠷ ᠴᠢᠯᠠᠭᠤᠨ ᠪᠠᠭᠠᠲᠤᠷ ᠭᠡᠵᠦ ᠠᠯᠳᠠᠷᠰᠢᠭᠰᠠᠨ ᠪᠥᠭᠡᠳ ᠴᠢᠩᠭᠢᠰ ᠬᠠᠭᠠᠨ ᠤ᠋ ᠠᠯᠳᠠᠷᠲᠤ ᠳᠥᠷᠪᠡᠨ ᠬᠦᠯᠦᠭ ᠦ᠋ᠨ ᠨᠢᠭᠡ ᠮᠥᠨ᠃ ᠪᠠᠰᠠ ᠮᠢᠩᠭᠠᠲᠤ ᠶ᠋ᠢᠨ ᠨᠣᠶᠠᠨ ᠪᠣᠯᠤᠨ᠎ᠠ᠃
23. ᠰᠣᠨᠢᠨᠴᠡᠴᠡᠭ
ᠵᠠᠮ ᠤ᠋ᠨ ᠤᠷᠲᠤ ᠳ᠋ᠤ᠌ ᠬᠦᠯᠦᠭ ᠦ᠋ᠨ ᠰᠠᠢᠨ ᠢ᠋ ᠲᠠᠨᠢᠵᠤ ᠡᠳᠦᠷ ᠦ᠋ᠨ ᠤᠳᠠᠭᠠᠨ ᠳ᠋ᠤ᠌ ᠨᠠᠢᠵᠠ ᠶ᠋ᠢᠨ ᠰᠠᠢᠨ ᠢ᠋ ᠮᠡᠳᠡᠨ᠎ᠡ᠃
ᠲᠣᠭᠠᠨ ᠤ᠋ ᠤᠬᠠᠭᠠᠨ᠂ ᠰᠡᠳᠬᠢᠴᠡ ᠵᠦᠢ᠂ ᠬᠡᠯᠡ ᠤᠳᠬ᠎ᠠ ᠵᠣᠬᠢᠶᠠᠯ ᠤ᠋ᠨ ᠤᠬᠠᠭᠠᠨ᠂ ᠭᠠᠷ ᠤᠷᠠᠯᠠᠯ ᠵᠡᠷᠭᠡ ᠣᠯᠠᠨ ᠤᠬᠠᠭᠠᠨ ᠢ᠋ ᠠᠭᠤᠯᠤᠭᠰᠠᠨ᠂ ᠰᠤᠳᠤᠯᠤᠨ ᠬᠥᠭᠵᠢᠭᠦᠯᠦᠭᠦᠰᠢᠲᠡᠢ ᠮᠣᠩᠭᠣᠯ ᠦᠨᠳᠦᠰᠦᠲᠡᠨ ᠦ᠌ ᠰᠣᠶᠣᠯ ᠤ᠋ᠨ ᠨᠠᠨᠳᠢᠨ ᠥᠪ ᠶᠦᠮ᠃
24. ᠤᠤᠭᠠᠨᠵᠢᠳ
ᠮᠣᠩᠭᠣᠯ ᠬᠥᠮᠦᠨ ᠦ᠌ ᠰᠡᠳᠬᠢᠯ ᠦ᠋ᠨ ᠪᠢᠴᠢᠭᠡᠰᠦ᠄
ᠡᠪᠴᠢᠭᠦᠦ ᠴᠡᠭᠡᠵᠢ ᠪᠡᠷ ᠤᠭᠤᠲᠠ ᠪᠣᠯᠭᠠᠨ ᠮᠣᠩᠭᠣᠯ ᠰᠣᠶᠣᠯ ᠲᠡᠭᠦᠵᠦ᠂
ᠡᠬᠡ ᠬᠡᠯᠡ ᠪᠡᠷ ᠢ᠋ᠶ᠋ᠡᠨ ᠦᠰᠦᠭ ᠪᠣᠯᠭᠠᠨ ᠥᠯᠥᠭᠡᠢ ᠨᠤᠲᠤᠭ ᠲᠠᠭᠠᠨ ᠳᠡᠯᠭᠡᠷᠡᠭᠦᠯᠰᠦᠭᠡᠢ!
ᠰᠦᠨᠳᠡᠷᠯᠡᠨ ᠪᠣᠰᠬᠤ ᠮᠣᠩᠭᠣᠯ ᠤ᠋ᠨ ᠣᠪᠣᠭᠠᠨ ᠳ᠋ᠤ᠌ ᠰᠡᠳᠬᠢᠯ ᠦ᠋ᠨ ᠴᠢᠯᠠᠭᠤ ᠨᠡᠮᠡᠷᠢᠯᠡᠵᠦ᠂
ᠰᠦᠮᠡᠯᠵᠡᠨ ᠠᠰᠠᠬᠤ ᠰᠣᠶᠣᠯ ᠤ᠋ᠨ ᠵᠤᠯᠠᠨ ᠳ᠋ᠤ᠌ ᠵᠢᠷᠦᠬᠡᠨ ᠦ᠌ ᠲᠣᠰᠣ ᠨᠡᠮᠡᠶᠦ᠃

   ᠰᠦᠨ ᠰᠠᠴᠤᠯᠢ ᠠ ᠬᠣᠯᠪᠣᠭᠠᠨ ᠤ᠋ ᠨᠠᠢᠵᠠ ᠨᠠᠷ ᠠ᠋ᠴᠠ
   ᠤᠤᠭᠠᠨᠵᠢᠳ ᠬᠢᠨᠠᠪᠠ