ᠮᠢᠨᠦ ᠠᠳᠤᠭᠤᠨ ᠰᠦᠷᠦᠭ -ᠣᠳᠣᠨᠪᠢᠮᠪᠠ Minii aduun süreg-UdunbyambaМиний адуун сүрэг-Удунбямба
ᠮᠢᠨᠦ ᠠᠳᠤᠭᠤᠨ ᠰᠦᠷᠦᠭ
ᠦᠭᠡ᠄ ᠰᠡᠴᠡᠨᠪᠠᠲᠤ
ᠠᠶ᠎ᠠ᠄ ᠪᠠᠰᠠᠩᠳᠣᠷᠵᠢ
ᠳᠠᠭᠤᠴᠢᠨ᠄ ᠣᠳᠣᠨᠪᠢᠮᠪᠠ
ᠠᠭᠢ ᠳᠠᠭᠠᠨ᠎ᠠ ᠨᠢᠳᠦᠯᠡᠭᠰᠡᠨ ᠠᠭᠤᠳᠠᠮ ᠲᠠᠯ᠎ᠠ ᠳ᠋ᠠᠭᠠᠨ
ᠠᠳᠤᠭᠤᠨ ᠰᠦᠷᠦᠭ ᠠᠯᠠᠭᠯᠠᠨ ᠪᠡᠯᠴᠢᠳᠡᠭ ᠪᠢᠯᠡ
ᠠᠵᠢᠨᠠᠢ ᠠᠷᠭᠤᠮᠠᠭ ᠬᠤᠯᠠᠨ ᠵᠡᠭᠡᠷᠳᠡ ᠭᠡᠳ ᠯᠡ
ᠠᠪᠤ ᠮᠢᠨᠢ ᠠᠳᠤᠭᠤ ᠪᠠᠨ ᠵᠢᠰᠦᠯᠡᠳᠡᠭ ᠪᠢᠯᠡ
ᠮᠢᠨᠦ ᠠᠳᠤᠭᠤᠨ ᠰᠦᠷᠦᠭ ᠮᠢᠨᠢ
ᠮᠣᠩᠭᠣᠯ ᠠᠢᠯ ᠤ᠋ᠨ ᠬᠡᠢᠮᠣᠷᠢ ᠪᠢᠯᠡ
ᠮᠢᠨᠦ ᠠᠳᠤᠭᠤᠨ ᠰᠦᠷᠦᠭ ᠮᠢᠨᠢ
ᠮᠣᠩᠭᠣᠯ ᠲᠦᠮᠡᠨ ᠦ᠌ ᠰᠦᠯᠳᠡ ᠪᠢᠯᠡ
ᠦᠷ ᠦ᠋ᠨ ᠭᠡᠭᠡ ᠮᠡᠯᠲᠡᠢᠭᠰᠡᠨ ᠵᠤᠰᠠᠯᠠᠩ ᠳᠡᠭᠡᠷ᠎ᠡ
ᠠᠳᠤᠭᠤ ᠲᠤᠷᠭᠢᠯᠠᠨ ᠤᠨᠠᠭ᠎ᠠ ᠢᠨᠴᠠᠭᠠᠳᠠᠭ ᠪᠢᠯᠡ
ᠤᠶᠠᠭᠠᠨ ᠳᠡᠭᠡᠷ᠎ᠡ ᠵᠡᠭᠦᠷᠮᠡᠭᠯᠡᠬᠦ ᠠᠳᠤᠭᠤ ᠪᠠᠨ ᠬᠠᠷᠠᠭᠠᠳ
ᠠᠪᠤ ᠮᠢᠨᠢ ᠮᠠᠩᠨᠠᠢ ᠨᠢ ᠲᠡᠨᠢᠢᠳᠡᠭ ᠪᠢᠯᠡ
ᠮᠢᠨᠦ ᠠᠳᠤᠭᠤᠨ ᠰᠦᠷᠦᠭ ᠮᠢᠨᠢ
ᠮᠣᠩᠭᠣᠯ ᠠᠢᠯ ᠤ᠋ᠨ ᠬᠡᠢᠮᠣᠷᠢ ᠪᠢᠯᠡ
ᠮᠢᠨᠦ ᠠᠳᠤᠭᠤᠨ ᠰᠦᠷᠦᠭ ᠮᠢᠨᠢ
ᠮᠣᠩᠭᠣᠯ ᠲᠦᠮᠡᠨ ᠦ᠌ ᠰᠦᠯᠳᠡ ᠪᠢᠯᠡ
ᠤᠶᠠᠭ᠎ᠠ ᠰᠣᠢᠯᠭ᠎ᠠ ᠶ᠋ᠢ ᠨᠢ ᠤᠴᠢᠷᠲᠠᠢᠬᠠᠨ ᠲᠠᠭᠠᠷᠠᠭᠤᠯᠤᠭᠠᠳ
ᠰᠤᠮᠤ ᠶ᠋ᠢᠨ ᠢ᠋ᠶ᠋ᠡᠨ ᠨᠠᠭᠠᠳᠤᠮ ᠳ᠋ᠤ᠌ ᠭᠠᠩᠭᠠᠷᠠᠳᠠᠭ ᠪᠢᠯᠡ
ᠤᠨᠠᠭᠠᠨ ᠬᠡᠭᠡᠷ ᠤ᠋ᠨ ᠢ᠋ᠶ᠋ᠡᠨ ᠰᠠᠢᠪᠤᠷ ᠬᠠᠲᠠᠷᠢᠭ᠎ᠠ ᠪᠠᠷ
ᠤᠬᠠᠭᠠᠨᠲᠠᠢ ᠴᠢᠮ᠎ᠠ ᠳ᠋ᠠᠭᠠᠨ ᠲᠡᠮᠡᠦᠯᠳᠡᠭ ᠪᠢᠯᠡ
ᠮᠢᠨᠦ ᠠᠳᠤᠭᠤᠨ ᠰᠦᠷᠦᠭ ᠮᠢᠨᠢ
ᠮᠣᠩᠭᠣᠯ ᠠᠢᠯ ᠤ᠋ᠨ ᠬᠡᠢᠮᠣᠷᠢ ᠪᠢᠯᠡ
ᠮᠢᠨᠦ ᠠᠳᠤᠭᠤᠨ ᠰᠦᠷᠦᠭ ᠮᠢᠨᠢ
ᠮᠣᠩᠭᠣᠯ ᠲᠦᠮᠡᠨ ᠦ᠌ ᠰᠦᠯᠳᠡ ᠪᠢᠯᠡ
ᠮᠢᠨᠦ ᠠᠳᠤᠭᠤᠨ ᠰᠦᠷᠦᠭ ᠮᠢᠨᠢ
ᠮᠣᠩᠭᠣᠯ ᠠᠢᠯ ᠤ᠋ᠨ ᠬᠡᠢᠮᠣᠷᠢ ᠪᠢᠯᠡ
ᠮᠢᠨᠦ ᠠᠳᠤᠭᠤᠨ ᠰᠦᠷᠦᠭ ᠮᠢᠨᠢ
ᠮᠣᠩᠭᠣᠯ ᠲᠦᠮᠡᠨ ᠦ᠌ ᠰᠦᠯᠳᠡ ᠪᠢᠯᠡ
ᠮᠣᠩᠭᠣᠯ ᠲᠦᠮᠡᠨ ᠦ᠌ ᠰᠦᠯᠳᠡ ᠪᠢᠯᠡ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠣᠳᠬᠠᠨᠰᠣ᠎ᠠ
