ᠬᠦᠷᠢᠶ᠎ᠡ ᠪᠠᠶ᠋ᠢᠰᠢᠩ- ᠯ᠂ ᠪᠣᠯᠣᠳᠪᠠᠭᠠᠲᠤᠷ Khüree baishin-L,BoldbaatarХүрээ байшин-Л,Болдбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠷᠢᠶ᠎ᠡ ᠪᠠᠶ᠋ᠢᠰᠢᠩ- ᠯ᠂ ᠪᠣᠯᠣᠳᠪᠠᠭᠠᠲᠤᠷ Khüree baishin-L,BoldbaatarХүрээ байшин-Л,Болдбаатар

ᠬᠦᠷᠢᠶ᠎ᠡ ᠪᠠᠶ᠋ᠢᠰᠢᠩ- ᠯ᠂ ᠪᠣᠯᠣᠳᠪᠠᠭᠠᠲᠤᠷ Khüree baishin-L,BoldbaatarХүрээ байшин-Л,Болдбаатар

ᠠᠩᠭᠢᠯᠠᠯ:ᠳᠠᠭᠤᠤ ᠬᠥᠭᠵᠢᠮ
2026-04-08

357

ᠬᠦᠷᠢᠶ᠎ᠡ ᠪᠠᠶ᠋ᠢᠰᠢᠩ


            ᠦᠭᠡ᠄ ᠯ᠂ ᠳᠠᠰᠢᠨᠢᠮ᠎ᠠ 
            ᠠᠶ᠎ᠠ᠄ ᠰ᠂ ᠪᠠᠭᠠᠲᠤᠷᠰᠥ᠋ᠬᠡ  
            ᠳᠠᠭᠤᠴᠢᠨ᠄ ᠯ᠂ ᠪᠣᠯᠣᠳᠪᠠᠭᠠᠲᠤᠷ 
ᠬᠦᠷᠢᠶ᠎ᠡ ᠶᠣ᠌ ᠪᠠᠢᠰᠢᠩ ᠤ᠋ᠨ ᠢᠯᠭᠤᠮ ᠥᠷᠥᠭᠡᠨ ᠳ᠋ᠦ᠍ 
ᠬᠤᠭᠤᠴᠢᠷ ᠱᠠᠨᠵᠠ ᠨᠢ ᠠᠮᠠᠷᠠᠭᠯᠠᠭᠠᠳ ᠪᠠᠢᠨ᠎ᠠ ᠬᠦ 
ᠬᠥᠳᠡᠭᠡ ᠲᠥᠷᠥᠭᠰᠡᠨ ᠬᠥᠭᠡᠷᠦᠬᠦᠨ ᠪᠦᠰᠡᠭᠦᠢ 
ᠬᠥᠭ ᠠᠶᠠᠯᠭᠤ ᠨᠢ ᠠᠮᠢᠰᠬᠤᠭᠠᠳ ᠪᠠᠢᠨ᠎ᠠ ᠠᠢ ᠬᠦ 

ᠢᠳᠡᠭᠡᠨ ᠦ᠌ ᠶᠣ᠌ ᠳᠡᠭᠡᠵᠢ ᠨᠢ ᠰᠢᠷᠡᠭᠡ ᠳᠦᠭᠦᠷᠬᠦ ᠳ᠋ᠦ᠍ 
ᠡᠷᠬᠢᠮᠰᠦᠭ ᠲᠥᠷᠬᠦ ᠦ᠋ᠳ ᠲᠣᠳᠣᠷᠠᠭᠠᠳ ᠪᠠᠢᠨ᠎ᠠ ᠬᠦ 
ᠡᠷᠪᠡᠬᠡᠢ ᠬᠠᠲᠤᠳ ᠲᠣᠷᠮᠣᠯᠵᠠᠭᠠᠳ ᠢᠷᠡᠬᠦ ᠳ᠋ᠦ᠍
ᠢᠨᠢᠶᠡᠮᠰᠦᠭᠯᠡᠯ ᠪᠠᠶᠠᠰᠤᠯ ᠪᠢᠯᠬᠠᠭᠠᠳ ᠪᠠᠢᠨ᠎ᠠ ᠠᠢ ᠬᠦ

ᠵᠦᠩᠵᠡ ᠲᠡᠢ ᠶᠣ᠌ ᠠᠷᠢᠬᠢ ᠪᠠᠨ ᠰᠢᠮᠡᠩᠬᠡᠨ ᠰᠠᠭᠤᠬᠤ ᠳ᠋ᠤ᠌
ᠵᠡᠭᠦᠳᠦᠨ ᠦ᠌ ᠣᠷᠴᠢᠯᠠᠩ ᠳ᠋ᠤ᠌ ᠠᠮᠢᠯᠠᠭᠠᠳ ᠪᠠᠢᠨ᠎ᠠ ᠬᠦ
ᠵᠦᠭ ᠦ᠋ᠨ ᠬᠣᠯᠠ ᠠ᠋ᠴᠠ ᠵᠢᠷᠦᠬᠡ ᠭᠡᠵᠢᠭᠡᠳᠡᠭᠰᠡᠨ
ᠵᠥᠭᠡᠯᠡᠨ ᠠᠶᠠᠯᠭᠤ ᠨᠢ ᠨᠠᠮᠢᠯᠵᠠᠭᠠᠳ ᠪᠠᠢᠨ᠎ᠠ ᠠᠢ ᠬᠦ

ᠰᠠᠷᠠ ᠲᠠᠢ ᠴᠣᠩᠬᠣ ᠪᠠᠨ ᠨᠠᠯᠠᠩᠬᠠᠨ ᠵᠣᠭᠰᠣᠬᠤ ᠳ᠋ᠤ᠌
ᠰᠠᠨᠠᠭ᠎ᠠ ᠶᠤ᠌ ᠪᠣᠳᠣᠯ ᠮᠢᠨᠢ  ᠵᠦᠮᠡᠯᠵᠡᠭᠡᠳ ᠪᠠᠢᠨ᠎ᠠ ᠬᠦ
ᠰᠠᠷ᠎ᠠ ᠶ᠋ᠢᠨ  ᠯᠡ ᠭᠠᠵᠠᠷ ᠠ᠋ᠴᠠ ᠰᠦᠮᠡᠯᠵᠡᠭᠡᠳ ᠦᠯᠡᠳᠡᠭᠰᠡᠨ
ᠰᠠᠢᠬᠠᠨ ᠨᠤᠲᠤᠭ ᠢ᠋ᠶ᠋ᠠᠨ ᠰᠠᠨᠠᠭᠠᠯᠵᠠᠭᠠᠳ ᠪᠠᠢᠨ᠎ᠠ ᠠᠢ ᠬᠦ

ᠬᠦᠷᠢᠶ᠎ᠡ ᠶᠤ᠌ ᠬᠣᠲᠠ ᠶ᠋ᠢᠨ ᠬᠢᠨᠢ ᠨᠠᠭᠠᠯᠢᠩᠬᠠᠢ ᠠᠭᠠᠯᠢᠨ ᠳ᠋ᠤ᠌
ᠬᠥᠳᠡᠭᠡᠨ ᠦ᠌ ᠰᠡᠳᠬᠢᠯ ᠬᠥᠪᠦᠯᠵᠡᠭᠡᠳ ᠪᠠᠢᠨ᠎ᠠ ᠬᠦ
ᠬᠥᠮᠦᠨ ᠦ᠌ ᠯᠡ ᠦᠷ᠎ᠡ ᠲᠥᠭᠡᠷᠢᠭᠰᠡᠨ ᠲᠠᠪᠢᠯᠠᠩ
ᠬᠣᠷᠸ᠎ᠠ ᠶ᠋ᠢᠨ ᠶᠠᠪᠤᠳᠠᠯ ᠬᠥᠰᠢᠯᠳᠦᠭᠡᠳ ᠪᠠᠢᠨ᠎ᠠ ᠠᠢ ᠬᠦ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ