ᠨᠠᠰᠤᠨ ᠤ᠋ ᠬᠠᠨᠢ-ᠠ᠊· ᠮᠥᠩᠬᠡᠪᠠᠲᠤNasny khani-A·MönkhbatНасны хань-А·Мөнхбат
ᠨᠠᠰᠤᠨ ᠤ᠋ ᠬᠠᠨᠢ
ᠦᠭᠡ᠄ ᠯ· ᠫᠦᠷᠪᠦᠳᠣᠷᠵᠢ
ᠠᠶ᠎ᠠ᠄ ᠨ· ᠴᠢᠯᠠᠭᠤᠨᠬᠦᠦ
ᠳᠠᠭᠤᠴᠢᠨ᠄ᠠ᠊· ᠮᠥᠩᠬᠡᠪᠠᠲᠤ
ᠦᠷ ᠦ᠋ᠨ ᠴᠣᠯᠮᠣᠨ ᠰᠢᠭ᠋ ᠭᠡᠷᠡᠯᠲᠦᠭᠰᠡᠨ
ᠦᠵᠡᠰᠬᠦᠯᠡᠩ ᠭᠤᠸ᠎ᠠ ᠬᠣᠩᠭᠣᠷ ᠮᠢᠨᠢ
ᠦᠷ᠎ᠡ ᠬᠠᠨᠢ ᠶ᠋ᠢᠨ ᠵᠠᠶᠠᠭ᠎ᠠ ᠲᠦᠰᠢᠬᠦ
ᠡᠭᠦᠳᠡ ᠡᠷᠭᠦᠭᠰᠡᠨ ᠬᠠᠢᠷ᠎ᠠ ᠶ᠋ᠢᠨ ᠲᠩᠷᠢ
ᠨᠠᠷᠠᠨ ᠤ᠋ ᠬᠣᠷᠸ᠎ᠠ ᠳ᠋ᠤ᠌ ᠠᠷᠭ᠎ᠠ ᠦᠭᠡᠢ ᠠᠮᠠᠷᠠᠭ ᠮᠢᠨᠢ
ᠨᠠᠰᠤᠨ ᠤ᠋ ᠬᠠᠨᠢ ᠴᠢᠮ᠎ᠠ ᠳ᠋ᠤ᠌ ᠪᠠᠨ
ᠴᠢᠮ᠎ᠠ ᠳ᠋ᠤ᠌ ᠪᠠᠨ ᠪᠢ ᠬᠠᠢᠷᠠᠲᠠᠢ
ᠠᠪᠤ ᠶ᠋ᠢᠨ ᠬᠦᠦ ᠶ᠋ᠢ ᠠᠰᠬᠠᠷᠠᠲᠠᠯ᠎ᠠ ᠤᠶᠠᠷᠠᠭᠠᠭᠰᠠᠨ
ᠠᠢᠯ ᠤ᠋ᠨ ᠰᠠᠢᠬᠠᠨ ᠠᠮᠲᠠᠲᠤ ᠪᠤᠷᠠᠮ
ᠠᠵᠠ ᠵᠢᠷᠭᠠᠯ ᠤ᠋ᠨ ᠭᠡᠷᠡᠯ ᠰᠠᠴᠤᠷᠠᠭᠰᠠᠨ
ᠠᠢᠯ ᠭᠡᠷ ᠦ᠋ᠨ ᠴᠢᠨᠳᠠᠮᠤᠨᠢ ᠡᠷᠳᠡᠨᠢ
ᠨᠠᠷᠠᠨ ᠤ᠋ ᠬᠣᠷᠸ᠎ᠠ ᠳ᠋ᠤ᠌ ᠠᠷᠭ᠎ᠠ ᠦᠭᠡᠢ ᠠᠮᠠᠷᠠᠭ ᠮᠢᠨᠢ
ᠨᠠᠰᠤᠨ ᠤ᠋ ᠬᠠᠨᠢ ᠴᠢᠮ᠎ᠠ ᠳ᠋ᠤ᠌ ᠪᠠᠨ
ᠴᠢᠮ᠎ᠠ ᠳ᠋ᠤ᠌ ᠪᠠᠨ ᠪᠢ ᠬᠠᠢᠷᠠᠲᠠᠢ
ᠰᠠᠯᠬᠤ ᠶ᠋ᠢᠨ ᠠᠷᠭ᠎ᠠ ᠦᠭᠡᠢ ᠢᠨᠠᠭᠯᠠᠨ ᠳᠠᠰᠤᠭᠰᠠᠨ
ᠰᠠᠨᠠᠭᠠᠨ ᠳ᠋ᠤ᠌ ᠤᠷᠭᠤᠭᠰᠠᠨ ᠢᠯᠳᠠᠮ ᠰᠠᠷᠠᠨᠠᠢ
ᠰᠠᠢᠬᠠᠨ ᠨᠤᠲᠤᠭ ᠢ᠋ᠶ᠋ᠠᠨ ᠬᠦᠦ ᠲᠡᠢ ᠪᠡᠨ ᠲᠡᠪᠡᠷᠢᠵᠦ
ᠰᠠᠷᠠᠨ ᠳᠣᠣᠷ᠎ᠠ ᠪᠦᠪᠡᠢᠯᠡᠭᠰᠡᠨ ᠡᠵᠢ
ᠨᠠᠷᠠᠨ ᠤ᠋ ᠬᠣᠷᠸ᠎ᠠ ᠳ᠋ᠤ᠌ ᠠᠷᠭ᠎ᠠ ᠦᠭᠡᠢ ᠠᠮᠠᠷᠠᠭ ᠮᠢᠨᠢ
ᠨᠠᠰᠤᠨ ᠤ᠋ ᠬᠠᠨᠢ ᠴᠢᠮ᠎ᠠ ᠳ᠋ᠤ᠌ ᠪᠠᠨ
ᠴᠢᠮ᠎ᠠ ᠳ᠋ᠤ᠌ ᠪᠠᠨ ᠪᠢ ᠬᠠᠢᠷᠠᠲᠠᠢ
ᠨᠠᠷᠠᠨ ᠤ᠋ ᠬᠣᠷᠸ᠎ᠠ ᠳ᠋ᠤ᠌ ᠠᠷᠭ᠎ᠠ ᠦᠭᠡᠢ ᠠᠮᠠᠷᠠᠭ ᠮᠢᠨᠢ
ᠨᠠᠰᠤᠨ ᠤ᠋ ᠬᠠᠨᠢ ᠴᠢᠮ᠎ᠠ ᠳ᠋ᠤ᠌ ᠪᠠᠨ
ᠴᠢᠮ᠎ᠠ ᠳ᠋ᠤ᠌ ᠪᠠᠨ ᠪᠢ ᠬᠠᠢᠷᠠᠲᠠᠢ
ᠨᠠᠰᠤᠨ ᠤ᠋ ᠬᠠᠨᠢ ᠴᠢᠮ᠎ᠠ ᠳ᠋ᠤ᠌ ᠪᠠᠨ
ᠴᠢᠮ᠎ᠠ ᠳ᠋ᠤ᠌ ᠪᠠᠨ ᠪᠢ ᠬᠠᠢᠷᠠᠲᠠᠢ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
