ᠠᠮᠤᠭᠤᠯᠠᠩ ᠰᠠᠶ᠋ᠢᠬᠠᠨ ᠠᠷᠤ ᠬᠣᠷᠴᠢᠨ - ᠦᠭᠡ᠄ ᠷᠠᠯᠠᠶ᠋ᠢᠨᠠᠮᠵᠢᠯ᠂ ᠠᠶ᠎ᠠ᠄ ᠮᠠᠭᠰᠤᠷᠵᠠᠪ᠂ ᠳᠠᠭᠤᠴᠢᠨ᠄ ᠨᠤᠭᠤᠨᠳᠡᠭᠦᠲᠡ Амгалан сайхан ар хурчин - үг᠄ Ралайнамжил᠂ ая᠄ Магсаржав ᠂ дуучин᠄ Нугантүүд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠤᠭᠤᠯᠠᠩ ᠰᠠᠶ᠋ᠢᠬᠠᠨ ᠠᠷᠤ ᠬᠣᠷᠴᠢᠨ - ᠦᠭᠡ᠄ ᠷᠠᠯᠠᠶ᠋ᠢᠨᠠᠮᠵᠢᠯ᠂ ᠠᠶ᠎ᠠ᠄ ᠮᠠᠭᠰᠤᠷᠵᠠᠪ᠂ ᠳᠠᠭᠤᠴᠢᠨ᠄ ᠨᠤᠭᠤᠨᠳᠡᠭᠦᠲᠡ Амгалан сайхан ар хурчин - үг᠄ Ралайнамжил᠂ ая᠄ Магсаржав ᠂ дуучин᠄ Нугантүүд

ᠠᠮᠤᠭᠤᠯᠠᠩ ᠰᠠᠶ᠋ᠢᠬᠠᠨ ᠠᠷᠤ ᠬᠣᠷᠴᠢᠨ - ᠦᠭᠡ᠄ ᠷᠠᠯᠠᠶ᠋ᠢᠨᠠᠮᠵᠢᠯ᠂ ᠠᠶ᠎ᠠ᠄ ᠮᠠᠭᠰᠤᠷᠵᠠᠪ᠂ ᠳᠠᠭᠤᠴᠢᠨ᠄ ᠨᠤᠭᠤᠨᠳᠡᠭᠦᠲᠡ Амгалан сайхан ар хурчин - үг᠄ Ралайнамжил᠂ ая᠄ Магсаржав ᠂ дуучин᠄ Нугантүүд

ᠠᠩᠭᠢᠯᠠᠯ:ᠳᠠᠭᠤᠤ ᠬᠥᠭᠵᠢᠮ
2026-04-06

353

ᠠᠮᠤᠭᠤᠯᠠᠩ ᠰᠠᠢᠬᠠᠨ ᠠᠷᠤ ᠬᠣᠷᠴᠢᠨ


           ᠦᠭᠡ᠄ ᠷᠠᠯᠠᠢᠨᠠᠮᠵᠢᠯ  
           ᠠᠶ᠎ᠠ᠄ ᠮᠠᠭᠰᠤᠷᠵᠠᠪ  
           ᠳᠠᠭᠤᠴᠢᠨ᠄ ᠨᠤᠭᠤᠨᠳᠡᠭᠦᠲᠡ  

 ᠬᠠᠯᠢᠶ᠎ᠠ ᠲᠡᠯᠡᠵᠦ ᠬᠠᠭᠳᠠ ᠬᠥᠬᠡᠷᠡᠭᠰᠡᠨ ᠰᠠᠢᠬᠠᠨ ᠬᠠᠪᠤᠷ ᠠ᠋  
 ᠬᠠᠬᠢᠷ ᠤ᠋ᠨ ᠭᠣᠣᠯ ᠮᠢᠷᠠᠯᠵᠠᠨ ᠤᠷᠤᠰᠤᠭᠰᠠᠨ ᠰᠠᠢᠬᠠᠨ ᠨᠤᠲᠤᠭ ᠠ᠋  
 ᠬᠠᠢᠷᠠᠲᠤ ᠮᠢᠨᠢ ᠲᠠ ᠮᠢᠨᠢ ᠬᠠᠪᠤ ᠲᠠᠢ ᠵᠢᠷᠭᠠᠯ ᠲᠠᠢ  
 ᠬᠠᠩᠭᠢᠨᠠᠬᠤ ᠳᠠᠭᠤᠤ ᠮᠢᠨᠢ ᠤᠷᠮ᠎ᠠ ᠲᠠᠢ ᠤᠶᠠᠩᠭ᠎ᠠ ᠲᠠᠢ 
      ᠠᠷᠤ ᠬᠣᠷᠴᠢᠨ ᠨᠤᠲᠤᠭ ᠠᠮᠤᠭᠤᠯᠠᠩ ᠰᠠᠢᠬᠠᠨ  
      ᠠᠰᠢᠳᠠ ᠵᠢᠷᠭᠠᠯ ᠢ᠋ ᠢᠪᠡᠭᠡᠭᠰᠡᠨ ᠰᠠᠢᠬᠠᠨ ᠣᠷᠣᠨ   

 ᠨᠠᠷᠠ ᠲᠤᠶᠠᠭᠠᠷᠠᠵᠤ ᠬᠤᠷ᠎ᠠ ᠰᠡᠯᠪᠢᠭᠰᠡᠨ ᠰᠠᠢᠬᠠᠨ ᠵᠤᠨ ᠠ᠋  
 ᠨᠠᠪᠴᠢ ᠳᠡᠯᠭᠡᠷᠡᠵᠦ ᠴᠡᠴᠡᠭ ᠮᠦᠰᠢᠶᠡᠭᠰᠡᠨ ᠰᠠᠢᠬᠠᠨ ᠨᠤᠲᠤᠭ ᠲᠤ ᠪᠠᠨ  
 ᠨᠠᠢᠵᠠ ᠮᠢᠨᠢ ᠨᠥᠬᠥᠳ ᠮᠢᠨᠢ ᠨᠠᠢᠷ ᠲᠠᠢ ᠤᠴᠠᠷᠠᠯ ᠲᠠᠢ  
 ᠨᠠᠢᠷᠠᠭ ᠳᠠᠭᠤᠤ ᠮᠢᠨᠢ ᠤᠷᠮ᠎ᠠ ᠲᠠᠢ ᠤᠶᠠᠩᠭ᠎ᠠ ᠲᠠᠢ 
      ᠠᠷᠤ ᠬᠣᠷᠴᠢᠨ ᠨᠤᠲᠤᠭ ᠠᠮᠤᠭᠤᠯᠠᠩ ᠰᠠᠢᠬᠠᠨ  
      ᠠᠰᠢᠳᠠ ᠵᠢᠷᠭᠠᠯ ᠢ᠋ ᠢᠪᠡᠭᠡᠭᠰᠡᠨ ᠰᠠᠢᠬᠠᠨ ᠣᠷᠣᠨ   

 ᠲᠠᠷᠭᠤᠨ ᠲᠠᠩᠰᠤᠭ ᠡᠯᠪᠡᠭ ᠪᠠᠶᠠᠨ ᠰᠠᠢᠬᠠᠨ ᠨᠠᠮᠤᠷ ᠠ᠋  
 ᠲᠠᠪᠤᠨ ᠬᠣᠰᠢᠭᠤ ᠳᠠᠷᠬᠠᠨ ᠪᠡᠯᠴᠢᠭᠰᠡᠨ ᠰᠠᠢᠬᠠᠨ ᠨᠤᠲᠤᠭ ᠲᠤ ᠪᠠᠨ  
 ᠬᠣᠩᠭᠣᠷ ᠦᠷᠡᠰ ᠮᠢᠨᠢ ᠬᠡᠢᠮᠣᠷᠢ ᠲᠠᠢ ᠵᠣᠯᠪᠣᠭ᠎ᠠ ᠲᠠᠢ  
 ᠬᠤᠭᠤᠷ ᠳᠠᠭᠤᠤ ᠮᠢᠨᠢ ᠤᠷᠮ᠎ᠠ ᠲᠠᠢ ᠤᠶᠠᠩᠭ᠎ᠠ ᠲᠠᠢ 
      ᠠᠷᠤ ᠬᠣᠷᠴᠢᠨ ᠨᠤᠲᠤᠭ ᠠᠮᠤᠭᠤᠯᠠᠩ ᠰᠠᠢᠬᠠᠨ 
      ᠠᠰᠢᠳᠠ ᠵᠢᠷᠭᠠᠯ ᠢ᠋ ᠢᠪᠡᠭᠡᠭᠰᠡᠨ ᠰᠠᠢᠬᠠᠨ ᠣᠷᠣᠨ          

 ᠪᠤᠲᠠᠷᠠᠬᠤ ᠴᠠᠰᠤᠨ ᠳᠡᠯᠡᠬᠡᠢ ᠶ᠋ᠢ ᠴᠢᠮᠡᠭᠰᠡᠨ ᠰᠠᠢᠬᠠᠨ ᠡᠪᠦᠯ ᠠ᠋  
 ᠪᠤᠭᠤᠷᠤᠯ ᠠᠭᠤᠯᠠᠰ ᠨᠢ ᠰᠡᠬᠦᠢᠨ ᠰᠦᠨᠳᠡᠷᠯᠡᠭᠰᠡᠨ ᠰᠠᠢᠬᠠᠨ ᠨᠤᠲᠤᠭ ᠲᠤ ᠪᠠᠨ  
 ᠡᠪᠦᠭᠡᠳ ᠨᠠᠰᠤᠲᠠᠳ ᠮᠢᠨᠢ ᠢᠷᠦᠭᠡᠯ ᠲᠡᠢ ᠰᠤᠷᠭᠠᠯ ᠲᠠᠢ  
 ᠡᠬᠡᠰᠢᠭ ᠳᠠᠭᠤᠤ ᠮᠢᠨᠢ ᠤᠷᠮ᠎ᠠ ᠲᠠᠢ ᠤᠶᠠᠩᠭ᠎ᠠ ᠲᠠᠢ 
      ᠠᠷᠤ ᠬᠣᠷᠴᠢᠨ ᠨᠤᠲᠤᠭ ᠠᠮᠤᠭᠤᠯᠠᠩ ᠰᠠᠢᠬᠠᠨ 
      ᠠᠰᠢᠳᠠ ᠵᠢᠷᠭᠠᠯ ᠢ᠋ ᠢᠪᠡᠭᠡᠭᠰᠡᠨ ᠰᠠᠢᠬᠠᠨ ᠣᠷᠣᠨ          

               ᠦᠰᠦᠭ ᠬᠠᠳᠠᠭᠴᠢ᠄ ᠰᠤᠪᠤᠳ      
               ᠦᠰᠦᠭ ᠠᠮᠢᠯᠠᠭᠤᠯᠤᠭᠴᠢ᠄ ᠰᠸᠷᠡᠩ  
               ᠬᠢᠨᠠᠭᠴᠢ᠄ ᠪᠣᠷᠵᠢᠭᠢᠨ· ᠰᠡᠴᠡᠨᠬᠦᠦ