ᠲᠣᠷᠭᠤᠳ ᠨᠤᠲᠤᠭ-ᠬᠠᠯᠢᠨTorguud nutag-KhalinТоргууд нутаг-Халин
ᠲᠣᠷᠭᠤᠳ ᠨᠤᠲᠤᠭ
ᠲᠣᠷᠭᠤᠳ ᠠᠷᠠᠳ ᠤ᠋ᠨ ᠳᠠᠭᠤᠤ
ᠳᠠᠭᠤᠴᠢᠨ᠄ ᠬᠠᠯᠢᠨ
ᠥᠨᠳᠥᠷ ᠥᠨᠳᠥᠷ ᠠᠭᠤᠯᠠᠨ ᠳ᠋ᠠᠭᠠᠨ
ᠥᠩᠭᠡ ᠶ᠋ᠢᠨ ᠪᠤᠳᠠᠩ ᠲᠠᠲᠠᠨ᠎ᠠ ᠬᠦ
ᠥᠯᠥᠭᠡᠢ ᠶᠡᠬᠡ ᠲᠣᠷᠭᠤᠳ ᠨᠤᠲᠤᠭ ᠮᠢᠨᠢ
ᠦᠨᠳᠡᠯ ᠮᠦᠨᠳᠡᠯ ᠰᠠᠨᠠᠭᠳᠠᠨ᠎ᠠ ᠬᠦ
ᠳᠠᠪᠬᠤᠷ ᠳᠠᠪᠬᠤᠷ ᠠᠭᠤᠯᠠᠨ ᠳ᠋ᠠᠭᠠᠨ
ᠳᠠᠩ ᠤ᠋ᠨ ᠪᠤᠳᠠᠩ ᠲᠠᠲᠠᠨ᠎ᠠ ᠬᠦ
ᠳᠠᠯᠠᠢ ᠶᠡᠬᠡ ᠲᠣᠷᠭᠤᠳ ᠨᠤᠲᠤᠭ ᠮᠢᠨᠢ
ᠳᠠᠩᠳᠠᠯ ᠮᠠᠨᠳᠠᠯ ᠰᠠᠨᠠᠭᠳᠠᠨ᠎ᠠ ᠬᠦ
ᠬᠠᠷ᠎ᠠ ᠬᠠᠷ᠎ᠠ ᠮᠣᠷᠢ ᠮᠢᠨᠢ ᠠ᠋ ᠬᠦ
ᠬᠠᠵᠠᠭᠠᠷ ᠢ᠋ᠶ᠋ᠠᠨ ᠳᠠᠷᠤᠭᠠᠳ ᠰᠠᠢᠪᠤᠷᠯᠠᠨᠠ ᠬᠦ
ᠬᠠᠨᠠᠭᠠᠷ ᠶᠡᠬᠡ ᠲᠣᠷᠭᠤᠳ ᠨᠤᠲᠤᠭ ᠮᠢᠨᠢ
ᠬᠠᠪᠤᠷ ᠨᠠᠮᠤᠷ ᠲᠠᠭᠠᠨ ᠰᠠᠨᠠᠭᠳᠠᠨ᠎ᠠ ᠬᠦ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
