ᠵᠣᠯᠪᠣᠭᠠᠲᠤ ᠪᠦᠰᠡᠭᠦᠢ-ᠭᠦᠩᠭᠠᠷZolboot büsgüi- GüngarЗолбоот бүсгүй- Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠯᠪᠣᠭᠠᠲᠤ ᠪᠦᠰᠡᠭᠦᠢ-ᠭᠦᠩᠭᠠᠷZolboot büsgüi- GüngarЗолбоот бүсгүй- Гүнгар

ᠵᠣᠯᠪᠣᠭᠠᠲᠤ ᠪᠦᠰᠡᠭᠦᠢ-ᠭᠦᠩᠭᠠᠷZolboot büsgüi- GüngarЗолбоот бүсгүй- Гүнгар

2026-04-06

1862

ᠵᠣᠯᠪᠣᠭᠠᠲᠤ ᠪᠦᠰᠡᠭᠦᠢ


    ᠵᠣᠬᠢᠶᠠᠭᠴᠢ᠄ ᠭᠦᠩᠭᠠᠷ 
    ᠤᠶᠠᠩᠭᠠᠯᠠᠭᠴᠢ᠄ ᠰᠡᠳᠮᠠᠨᠢ 
 
ᠦᠷ ᠦ᠋ᠨ ᠭᠡᠭᠡ ᠲᠡᠢ ᠤᠷᠤᠯᠳᠤᠨ ᠠᠵᠢᠯᠯᠠᠳᠠᠭ 
ᠤᠳᠪᠠᠯᠠ ᠴᠡᠴᠡᠭ ᠰᠢᠭ᠋ ᠭᠣᠶᠣᠬᠠᠨ ᠪᠦᠰᠡᠭᠦᠢ 
ᠦᠳᠡᠯᠦᠭᠡ ᠪᠤᠭᠤᠷᠤᠯ ᠢ᠋ᠶ᠋ᠠᠨ ᠠᠰᠠᠷᠠᠨ ᠬᠠᠷᠠᠭᠠᠯᠵᠠᠳᠠᠭ 
ᠤᠳᠤᠮ ᠰᠤᠳᠤᠷ ᠲᠤ᠌ ᠶ᠋ᠢᠨ ᠴᠠᠢᠯᠭᠠᠨ ᠪᠦᠰᠡᠭᠦᠢ 
ᠲᠥᠷᠥᠯ ᠰᠠᠳᠤᠨ ᠳ᠋ᠤ᠌ ᠪᠠᠨ ᠢᠲᠡᠭᠡᠯᠲᠡᠨ ᠪᠦᠰᠡᠭᠦᠢ 
ᠲᠥᠷᠥ ᠭᠦᠷᠦᠨ ᠳ᠋ᠦ᠍ ᠪᠡᠨ ᠵᠢᠳᠬᠦᠯᠲᠡᠨ ᠪᠦᠰᠡᠭᠦᠢ ᠠ᠋!

ᠡᠷᠢᠨ ᠵᠠᠭᠤᠨ ᠳ᠋ᠤ᠌ ᠪᠠᠨ ᠲᠦᠷᠦᠭᠦᠯᠡᠵᠦ ᠭᠠᠪᠰᠢᠭᠠᠢᠯᠠᠭᠰᠠᠨ
ᠡᠷᠳᠡᠨᠢ ᠡᠪᠦᠷᠲᠦᠭᠦᠯᠦᠭᠰᠡᠨ ᠵᠣᠯᠪᠣᠭᠠᠲᠤ ᠪᠦᠰᠡᠭᠦᠢ
ᠡᠰᠡᠨᠢᠯ ᠬᠥᠭᠵᠢᠯ ᠢ᠋ᠶ᠋ᠡᠨ ᠡᠵᠡᠮᠳᠡᠵᠦ ᠲᠡᠮᠡᠦᠯᠦᠭᠰᠡᠨ
ᠡᠷᠭᠢᠬᠦ ᠮᠠᠷᠭᠠᠰᠢ ᠶ᠋ᠢᠨ ᠰᠣᠳᠣᠨ ᠪᠦᠰᠡᠭᠦᠢ
ᠢᠲᠡᠭᠡᠯ ᠰᠡᠳᠬᠢᠯ ᠦ᠋ᠨ ᠲᠦᠰᠢᠭᠲᠦ ᠪᠦᠰᠡᠭᠦᠢ
ᠢᠷᠭᠡᠳ ᠲᠦᠮᠡᠨ ᠦ᠌ ᠲᠤᠭᠴᠢ ᠪᠦᠰᠡᠭᠦᠢ

ᠰᠢᠷᠭᠢᠰᠢ ᠦᠭᠡᠢ ᠪᠤᠶᠠᠨ ᠢ᠋ᠶ᠋ᠠᠨ ᠲᠦᠭᠡᠭᠡᠭᠰᠡᠨ
ᠰᠢᠳᠢ ᠭᠠᠢᠬᠠᠭᠤᠯᠤᠭᠰᠠᠨ ᠤᠷᠠᠨ ᠪᠦᠰᠡᠭᠦᠢ
ᠰᠢᠨᠵᠢᠯᠡᠭᠡ ᠮᠡᠷᠭᠡᠵᠢᠯ ᠢ᠋ᠶ᠋ᠡᠷ ᠠᠳᠠᠯ ᠢ᠋ᠶ᠋ᠠᠨ ᠪᠤᠵᠠᠭᠠᠢᠷᠠᠭᠤᠯᠤᠭᠰᠠᠨ
ᠰᠢᠨ᠎ᠡ ᠠᠶᠠᠨ ᠤ᠋ ᠬᠣᠰᠢᠭᠤᠴᠢ ᠪᠦᠰᠡᠭᠦᠢ
ᠠᠷᠠᠯ ᠤ᠋ᠨ ᠱᠠᠷ ᠰᠢᠭ᠋ ᠰᠢᠳᠤᠷᠭᠤ ᠪᠦᠰᠡᠭᠦᠢ
ᠠᠷᠭᠤᠮᠠᠭ ᠬᠦᠯᠦᠭ ᠰᠢᠭ ᠰᠢᠨᠳᠠᠰᠤᠲᠤ ᠪᠦᠰᠡᠭᠦᠢ ᠠ᠋!

ᠠᠭᠲᠠ ᠶ᠋ᠢᠨ ᠨᠢᠷᠤᠭᠤᠨ ᠳᠡᠭᠡᠷ᠎ᠡ ᠮᠤᠨᠳᠠᠭ᠎ᠠ ᠬᠡᠢᠰᠬᠡᠭᠰᠡᠨ
ᠨᠠᠷᠠᠨ ᠵᠦᠭ ᠦ᠋ᠨ ᠥᠭᠡᠳᠡᠷᠬᠡᠭ ᠪᠦᠰᠡᠭᠦᠢ
ᠠᠷᠢᠭᠤᠨ ᠵᠠᠩᠰᠢᠯ ᠢ᠋ᠶ᠋ᠠᠨ ᠥᠪᠯᠡᠵᠦ ᠵᠠᠯᠭᠠᠮᠵᠢᠯᠠᠭᠰᠠᠨ
ᠨᠠᠷᠠᠯᠠᠭ ᠬᠣᠷᠸ᠎ᠠ ᠶ᠋ᠢᠨ ᠪᠣᠷᠣᠯᠠᠭ ᠪᠦᠰᠡᠭᠦᠢ
ᠠᠢᠷᠠᠭ ᠦᠨᠦᠷᠲᠦᠭᠦᠯᠦᠭᠰᠡᠨ ᠨᠠᠢᠷᠠᠭᠴᠢ ᠪᠦᠰᠡᠭᠦᠢ
ᠠᠷᠠᠳ ᠢ᠋ᠶ᠋ᠠᠨ ᠰᠣᠶᠣᠯᠵᠢᠭᠤᠯᠤᠭᠰᠠᠨ ᠣᠳᠣᠨ ᠪᠦᠰᠡᠭᠦᠢ ᠠ᠋!

ᠨᠣᠮ ᠤ᠋ᠨ ᠬᠦᠴᠦᠨ ᠢ᠋ᠶ᠋ᠡᠷ ᠤᠬᠠᠭ᠎ᠠ ᠪᠠᠨ ᠴᠡᠨᠡᠭᠯᠡᠭᠰᠡᠨ
ᠨᠣᠮᠢᠨ ᠰᠠᠷᠢᠳᠠᠭ ᠰᠢᠭ᠋ ᠣᠮᠣᠭᠯᠠᠩ ᠪᠦᠰᠡᠭᠦᠢ
ᠨᠤᠷ᠎ᠠ ᠭᠠᠩᠭ᠎ᠠ ᠪᠠᠨ ᠡᠷᠬᠡᠰᠢᠶᠡᠨ ᠨᠣᠮᠣᠬᠠᠳᠬᠠᠭᠰᠠᠨ
ᠨᠤᠲᠤᠭ ᠵᠠᠶᠠᠭ᠎ᠠ ᠲᠠᠢ ᠭᠠᠩᠭᠠᠩ ᠪᠦᠰᠡᠭᠦᠢ
ᠭᠠᠯ ᠤ᠋ᠨ ᠪᠤᠷᠬᠠᠨ ᠰᠢᠭ᠋ ᠰᠢᠲᠦᠭᠡᠨᠲᠦ ᠪᠦᠰᠡᠭᠦᠢ
ᠭᠠᠯᠪᠠ ᠶᠢᠷᠲᠢᠨᠴᠦ ᠳ᠋ᠡᠬᠢ ᠡᠵᠢ ᠪᠦᠰᠡᠭᠦᠢ ᠠ᠋!

ᠬᠥᠷᠥᠰᠥᠲᠦ ᠶ᠋ᠢᠨ ᠠᠮᠢᠳᠤᠷᠠᠯ ᠢ᠋ᠶ᠋ᠠᠨ ᠬᠥᠳᠡᠯᠮᠦᠷᠢ ᠪᠡᠷ ᠵᠢᠷᠭᠠᠭᠠᠭᠰᠠᠨ
ᠬᠦᠰᠡᠯ ᠬᠥᠭᠡᠭᠡᠴᠡᠯᠳᠦᠯ ᠲᠡᠢ ᠵᠢᠪᠬᠤᠭᠠᠯᠢᠭ ᠪᠦᠰᠡᠭᠦᠢ
ᠬᠦᠷᠡᠩ ᠵᠢᠷᠦᠬᠡᠨ ᠳ᠋ᠦ᠍ ᠪᠡᠨ ᠡᠷᠴᠢ ᠬᠥᠪᠴᠢᠯᠡᠭᠰᠡᠨ
ᠬᠥᠳᠡᠭᠡ ᠨᠤᠲᠤᠭ ᠤ᠋ᠨ ᠡᠷᠳᠡᠮᠲᠡᠨ ᠪᠦᠰᠡᠭᠦᠢ
ᠮᠡᠳᠡᠷᠡᠮᠵᠢ ᠬᠤᠷᠴᠠᠯᠠᠭᠰᠠᠨ ᠤᠬᠠᠭᠠᠯᠢᠭ ᠪᠦᠰᠡᠭᠦᠢ
ᠮᠡᠷᠭᠡᠨ ᠴᠣᠬᠣᠷ ᠰᠢᠭ᠋ ᠣᠶᠤᠨᠴᠢ ᠪᠦᠰᠡᠭᠦᠢ ᠠ᠋!

   ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
   ᠬᠢᠨᠠᠭᠴᠢ᠄ ᠭᠦᠩᠭᠠᠷ