ᠪᠤᠯᠲᠤ ᠪᠠᠷ ᠢ᠋ᠶ᠋ᠠᠨ -ᠮᠥᠩᠭᠦᠨᠬᠤᠶᠠᠭBultaaraa-MöngönkhuyagБултаараа-Мөнгөнхуяг
ᠪᠤᠯᠲᠤ ᠪᠠᠷ ᠢ᠋ᠶ᠋ᠠᠨ
ᠦᠭᠡ᠄ ᠭᠠᠪᠢᠶᠠᠲᠤ
ᠳᠠᠭᠤᠴᠢᠨ᠄ ᠮᠦᠩᠭᠦᠨᠬᠤᠶᠠᠭ
ᠠᠯᠢᠪ ᠪᠦᠭᠦᠳᠡᠭᠡᠷ ᠢ᠋ᠶ᠋ᠡᠨ ᠵᠡᠷᠭᠡᠴᠡᠭᠡᠳ
ᠬᠠᠲᠠᠷᠢᠨ ᠪᠥᠵᠢᠨ ᠡᠷᠭᠢᠯᠳᠦᠶᠡ
ᠲᠠᠯ᠎ᠠ ᠶ᠋ᠢᠨ ᠨᠣᠮᠢᠨ ᠵᠦᠯᠭᠡᠨ ᠳᠡᠭᠡᠷ᠎ᠡ
ᠪᠡᠶᠡᠯᠡᠭᠡ ᠪᠡᠨ ᠪᠡᠶᠡᠯᠡᠨ ᠴᠡᠩᠭᠡᠯᠳᠦᠶ᠎ᠡ
ᠮᠥᠩᠬᠡ ᠬᠥᠬᠡ ᠲᠩᠷᠢ ᠮᠢᠨᠢ ᠴᠠᠯᠮᠠᠨ᠎ᠠ ᠳᠠ
ᠠᠯᠲᠠᠨ ᠨᠠᠷᠠ ᠮᠢᠨᠢ ᠭᠡᠷᠡᠯᠲᠦᠨ᠎ᠡ ᠳᠡ
ᠰᠦᠯᠳᠡ ᠬᠡᠢᠮᠣᠷᠢ ᠰᠦᠷ ᠬᠦᠴᠦ ᠰᠡᠷᠭᠦᠨ᠎ᠡ ᠳᠡ
ᠰᠦᠨ ᠴᠠᠭᠠᠨ ᠢᠷᠦᠭᠡᠯ ᠢ᠋ᠶ᠋ᠡᠷ ᠳᠡᠯᠭᠡᠷᠡᠨ᠎ᠡ
ᠪᠤᠭᠤᠷᠤᠯ ᠮᠢᠩᠭᠠᠨ ᠤ᠋ ᠳᠣᠮᠣᠭ ᠲᠠᠢ ᠲᠦᠮᠡᠨ ᠦ᠌ ᠮᠢᠨᠢ
ᠪᠤᠶᠠᠨ ᠵᠠᠶᠠᠭ᠎ᠠ ᠨᠢ ᠮᠥᠩᠬᠡᠲᠡ ᠳᠦᠭᠦᠷᠡᠩ ᠢᠷᠦᠭᠡᠯ ᠲᠡᠢ
ᠬᠠᠮᠢᠭ᠎ᠠ ᠶᠠᠪᠤᠭᠰᠠᠨ ᠴᠤ᠌ ᠮᠠᠷᠲᠠᠬᠤ ᠦᠭᠡᠢ ᠡᠨᠡ ᠨᠤᠲᠤᠭ ᠤ᠋ᠨ ᠬᠦᠦ ᠪᠢ
ᠬᠠᠨ ᠥᠨᠳᠥᠷ ᠠᠭᠤᠯᠠ ᠶ᠋ᠢᠨ ᠬᠠᠯᠢᠨ ᠨᠢᠰᠬᠦ ᠪᠦᠷᠭᠦᠳ
ᠬᠠᠮᠢᠭ᠎ᠠ ᠶᠠᠪᠤᠭᠰᠠᠨ ᠴᠤ᠌ ᠮᠠᠷᠲᠠᠬᠤ ᠦᠭᠡᠢ ᠡᠨᠡ ᠨᠤᠲᠤᠭ ᠤ᠋ᠨ ᠬᠦᠦ ᠪᠢ
ᠬᠠᠨ ᠥᠨᠳᠥᠷ ᠠᠭᠤᠯᠠ ᠶ᠋ᠢᠨ ᠬᠠᠯᠢᠨ ᠨᠢᠰᠬᠦ ᠪᠦᠷᠭᠦᠳ
ᠬᠤᠭᠤᠷ ᠤ᠋ᠨ ᠢᠬᠡᠷ᠎ᠡ ᠴᠢᠪᠠᠭᠳᠠᠰᠤ ᠨᠢ ᠬᠥᠯ ᠦᠭᠡᠢ ᠰᠠᠨᠰᠠᠷ ᠲᠤ᠌ ᠭᠥᠭᠯᠡᠨᠡ
ᠰᠢᠲᠦᠭᠡᠨ ᠠᠮᠢᠳᠤ ᠪᠠᠢᠭᠠᠯᠢ ᠶ᠋ᠢᠨ ᠣᠩᠭᠣᠳ ᠰᠠᠬᠢᠭᠤᠰᠤ ᠤᠶᠠᠷᠠᠨ᠎ᠠ
ᠬᠤᠭᠤᠷ ᠤ᠋ᠨ ᠢᠬᠡᠷ᠎ᠡ ᠴᠢᠪᠠᠭᠳᠠᠰᠤ ᠨᠢ ᠬᠥᠯ ᠦᠭᠡᠢ ᠰᠠᠨᠰᠠᠷ ᠲᠤ᠌ ᠬᠥᠭᠯᠡᠨᠡ
ᠰᠢᠲᠦᠭᠡᠨ ᠠᠮᠢᠳᠤ ᠪᠠᠢᠭᠠᠯᠢ ᠶ᠋ᠢᠨ ᠣᠩᠭᠣᠳ ᠰᠠᠬᠢᠭᠤᠰᠤ ᠤᠶᠠᠷᠠᠨ᠎ᠠ
ᠳᠡᠭᠵᠢᠨ ᠡᠮᠦᠰᠬᠡᠯ ᠭᠣᠶᠣᠯᠠᠯ ᠢ᠋ᠶ᠋ᠠᠷ ᠢ᠋ᠶ᠋ᠠᠨ
ᠬᠡᠭᠡᠨᠴᠢᠷ ᠴᠠᠮᠢᠨ ᠴᠢᠮᠡᠭᠯᠡᠭᠴᠢ
ᠡᠬᠡᠰᠢᠭ ᠳᠠᠭᠤᠤ ᠶ᠋ᠢᠨ ᠠᠢᠵᠠᠮ ᠢ᠋ᠶ᠋ᠠᠷ ᠢ᠋ᠶ᠋ᠠᠨ
ᠨᠠᠢᠷ ᠲᠣᠭᠣᠷ᠎ᠠ ᠪᠠᠨ ᠡᠬᠢᠯᠡᠭᠦᠯᠦᠭᠴᠢ
ᠭᠠᠷ ᠭᠠᠷ ᠢ᠋ᠶ᠋ᠠᠨ ᠪᠤᠯᠲᠤ ᠪᠠᠷ ᠢ᠋ᠶ᠋ᠠᠨ ᠬᠥᠳᠡᠯᠦᠯᠴᠡᠭᠡᠳ
ᠭᠠᠯ ᠢ᠋ᠶ᠋ᠠᠨ ᠲᠣᠭᠣᠷᠢᠨ ᠬᠠᠲᠠᠷᠢᠶ᠎ᠠ
ᠬᠠᠮᠤᠭ ᠪᠦᠭᠦᠳᠡᠭᠡᠷ ᠢ᠋ᠶ᠋ᠡᠨ ᠬᠦᠭᠰᠡᠵᠡᠭᠡᠶᠡ
ᠬᠠᠢᠷ᠎ᠠ ᠲᠠᠢ ᠨᠠᠢᠷ ᠲᠠᠢ ᠨᠥᠬᠥᠷᠯᠡᠵᠡᠭᠡᠶᠡ
ᠪᠤᠭᠤᠷᠤᠯ ᠮᠢᠩᠭᠠᠨ ᠤ᠋ ᠳᠣᠮᠣᠭ ᠲᠠᠢ ᠲᠦᠮᠡᠨ ᠮᠢᠨᠢ
ᠪᠤᠶᠠᠨ ᠵᠠᠶᠠᠭ᠎ᠠ ᠨᠢ ᠮᠥᠩᠬᠡᠲᠡ ᠳᠦᠭᠦᠷᠡᠩ ᠢᠷᠦᠭᠡᠯ ᠲᠡᠢ
ᠬᠠᠮᠢᠭ᠎ᠠ ᠶᠠᠪᠤᠭᠰᠠᠨ ᠴᠤ᠌ ᠮᠠᠷᠲᠠᠬᠤ ᠦᠭᠡᠢ ᠡᠨᠡ ᠨᠤᠲᠤᠭ ᠤ᠋ᠨ ᠬᠦᠦ ᠪᠢ
ᠬᠠᠨ ᠥᠨᠳᠥᠷ ᠠᠭᠤᠯᠠ ᠶ᠋ᠢᠨ ᠬᠠᠯᠢᠨ ᠨᠢᠰᠬᠦ ᠪᠦᠷᠭᠦᠳ
ᠬᠠᠮᠢᠭ᠎ᠠ ᠶᠠᠪᠤᠭᠰᠠᠨ ᠴᠤ᠌ ᠮᠠᠷᠲᠠᠬᠤ ᠦᠭᠡᠢ ᠡᠨᠡ ᠨᠤᠲᠤᠭ ᠤ᠋ᠨ ᠬᠦᠦ ᠪᠢ
ᠬᠠᠨ ᠥᠨᠳᠥᠷ ᠠᠭᠤᠯᠠ ᠶ᠋ᠢᠨ ᠬᠠᠯᠢᠨ ᠨᠢᠰᠬᠦ ᠪᠦᠷᠭᠦᠳ
ᠬᠤᠭᠤᠷ ᠤ᠋ᠨ ᠢᠬᠡᠷ᠎ᠡ ᠴᠢᠪᠠᠭᠳᠠᠰᠤ ᠨᠢ ᠬᠥᠯ ᠦᠭᠡᠢ ᠰᠠᠨᠰᠠᠷ ᠲᠤ᠌ ᠭᠥᠭᠯᠡᠨᠡ
ᠰᠢᠲᠦᠭᠡᠨ ᠠᠮᠢᠳᠤ ᠪᠠᠢᠭᠠᠯᠢ ᠶ᠋ᠢᠨ ᠣᠩᠭᠣᠳ ᠰᠠᠬᠢᠭᠤᠰᠤ ᠤᠶᠠᠷᠠᠨ᠎ᠠ
ᠬᠤᠭᠤᠷ ᠤ᠋ᠨ ᠢᠬᠡᠷ᠎ᠡ ᠴᠢᠪᠠᠭᠳᠠᠰᠤ ᠨᠢ ᠬᠥᠯ ᠦᠭᠡᠢ ᠰᠠᠨᠰᠠᠷ ᠲᠤ᠌ ᠬᠥᠭᠯᠡᠨᠡ
ᠰᠢᠲᠦᠭᠡᠨ ᠠᠮᠢᠳᠤ ᠪᠠᠢᠭᠠᠯᠢ ᠶ᠋ᠢᠨ ᠣᠩᠭᠣᠳ ᠰᠠᠬᠢᠭᠤᠰᠤ ᠤᠶᠠᠷᠠᠨ᠎ᠠ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
