ᠬᠠᠩᠰᠢ ᠶ᠋ᠢᠨ ᠡᠳᠦᠷ -ᠭ᠂ ᠰᠡᠢᠨ᠎ᠡ Khansiin ödör-G,SainaХансийн өдөр-Г,Сайна
ᠬᠠᠩᠰᠢ ᠶ᠋ᠢᠨ ᠡᠳᠦᠷ
ᠵᠣᠬᠢᠶᠠᠭᠴᠢ᠄ ᠭ᠂ ᠰᠡᠢᠨ᠎ᠡ
ᠤᠶᠠᠩᠭᠠᠯᠠᠭᠴᠢ᠄ᠣᠢᠷᠮᠡᠰ᠂ ᠴᠢᠯᠠᠭᠤᠨᠪᠠᠭᠠᠲᠤᠷ
ᠬᠠᠪᠤᠷ ᠬᠠᠪᠤᠷ ᠤ᠋ᠨ ᠡᠨᠡ ᠡᠳᠦᠷ
ᠬᠠᠮᠠᠷ ᠤ᠋ᠨ ᠦᠵᠦᠭᠦᠷ ᠱᠠᠷᠬᠢᠷᠠᠳᠠᠭ
ᠬᠠᠢᠷ᠎ᠠ ᠪᠠᠢᠭᠰᠠᠨ ᠤ᠋ ᠬᠢ
ᠬᠠᠩᠰᠢ ᠬᠠᠩᠰᠢ ᠶ᠋ᠢᠨ ᠡᠨᠡ ᠡᠳᠦᠷ
ᠬᠠᠮᠤᠭ ᠤ᠋ᠨ ᠳᠤᠯᠠᠭᠠᠨ ᠰᠠᠨᠠᠭᠳᠠᠳᠠᠭ
ᠬᠠᠪᠤᠷ ᠪᠣᠯᠤᠭᠰᠠᠨ ᠤ᠋ ᠬᠢ
ᠬᠠᠩᠰᠢᠨ ᠳ᠋ᠤ᠌ ᠬᠠᠪᠤᠷ ᠤᠷᠭᠤᠳᠠᠭ ᠶᠤᠮ
ᠬᠠᠪᠤᠷ ᠬᠠᠩᠰᠢᠨ ᠳ᠋ᠤ᠌ ᠴᠡᠴᠡᠭᠯᠡᠳᠡᠭ ᠶᠦ᠍ᠮ
ᠪᠠᠢᠬᠤ ᠦᠭᠡᠢ ᠪᠣᠯᠣᠭᠰᠠᠳ ᠢ᠋
ᠪᠠᠢᠨ᠎ᠠ ᠭᠡᠵᠦ ᠪᠣᠳᠣᠭᠠᠳ ᠣᠴᠢᠳᠠᠭ
ᠪᠣᠳᠣᠯ ᠤ᠋ᠨ ᠰᠤᠷ ᠲᠠᠰᠤᠷᠬᠠᠢ
ᠢᠷᠡᠬᠦ ᠦᠭᠡᠢ ᠶᠠᠪᠤᠭᠰᠠᠳ ᠢ
ᠢᠷᠡᠨ᠎ᠡ ᠭᠡᠵᠦ ᠢᠲᠡᠭᠡᠭᠡᠳ ᠬᠦᠷᠳᠡᠭ
ᠢᠲᠡᠭᠡᠯ ᠦ᠋ᠨ ᠢᠷ ᠡᠮᠲᠡᠷᠬᠡᠢ
ᠮᠥᠩᠬᠡ ᠶ᠋ᠢᠨ ᠷᠠᠰᠢᠶᠠᠨ ᠪᠠᠢᠳᠠᠭ ᠦᠭᠡᠢ ᠶᠦ᠍ᠮ
ᠮᠥᠷᠥᠭᠡᠳᠦᠯ ᠦ᠋ᠨ ᠤᠰᠤᠨ ᠰᠢᠷᠭᠢᠳᠡᠭ ᠦᠭᠡᠢ ᠶᠦ᠍ᠮ
ᠥᠯᠥᠭᠡᠢ ᠠᠪᠰᠠ ᠶ᠋ᠢᠨ ᠬᠣᠭᠣᠷᠣᠨᠳᠣ
ᠦᠰᠦᠲᠦ ᠲᠡᠷᠢᠭᠦᠨ ᠦᠷᠭᠦᠯᠵᠢᠯᠡᠳᠡᠭ ᠢ᠋
ᠥᠨᠥᠳᠥᠷ ᠦᠯᠢᠭᠡᠷ ᠪᠣᠯᠵᠤ ᠥᠭᠦᠯᠡᠨ᠎ᠡ
ᠦᠨᠡᠨ ᠬᠤᠳᠠᠯ ᠤ᠋ᠨ ᠳᠤᠮᠳᠠᠭᠤᠷ
ᠦᠨᠡᠰᠦ ᠬᠤᠪᠢᠯᠤᠨ ᠥᠩᠭᠡᠷᠡᠳᠡᠭ ᠢ᠋
ᠥᠴᠥᠭᠡᠳᠦᠷ ᠡᠳᠦᠭᠡ ᠳ᠋ᠦ᠍ ᠦᠵᠡᠭᠦᠯᠦᠨ᠎ᠡ
ᠬᠣᠷᠸ᠎ᠠ ᠬᠥᠮᠦᠨ ᠢ᠋ ᠦᠬᠦᠭᠦᠯᠳᠡᠭ ᠶᠦ᠍ᠮ
ᠬᠥᠮᠦᠨ ᠬᠣᠷᠸ᠎ᠠ ᠶ᠋ᠢ ᠮᠥᠩᠬᠡᠷᠡᠭᠦᠯᠳᠡᠭ ᠶᠦ᠍ᠮ
ᠥᠷᠯᠥᠭ ᠳᠡᠭᠡᠳᠦᠰ ᠦ᠋ᠨ ᠪᠤᠩᠬᠤᠨ
ᠥᠭᠦᠯᠡᠪᠦᠷᠢ ᠶ᠋ᠢᠨ ᠳᠠᠪᠬᠤᠷ ᠴᠡᠭ ᠮᠡᠲᠦ
ᠥᠩᠭᠡᠷᠡᠭᠰᠡᠨ ᠢ᠋ᠶ᠋ᠡᠨ ᠬᠤᠷᠢᠶᠠᠵᠤ ᠪᠥᠮᠪᠥᠢᠨᠡ
ᠥᠨᠥᠴᠢᠨ ᠵᠢᠷᠦᠬᠡᠨ ᠦ᠌ ᠨᠢᠯᠪᠤᠰᠤᠨ
ᠥᠷᠪᠥᠰᠬᠢᠨ ᠤᠯᠠᠯᠵᠠᠬᠤ ᠴᠠᠭᠠᠰᠤ ᠲᠠᠢ ᠬᠠᠮᠲᠤ
ᠦᠭᠡᠢᠯᠡᠭᠰᠡᠨ ᠰᠡᠳᠬᠢᠯ ᠢ᠋ᠶ᠋ᠡᠨ ᠠᠷᠭᠠᠳᠠᠨ᠎ᠠ
ᠠᠯᠲᠠᠨ ᠴᠣᠭᠴᠠᠰ ᠰᠢᠷᠣᠢ ᠬᠤᠪᠢᠯᠳᠠᠭ ᠶᠤᠮ
ᠠᠯᠬᠤᠭᠰᠠᠨ ᠮᠥᠷ ᠰᠢᠭᠤᠢ ᠪᠣᠰᠳᠠᠭ ᠶᠤᠮ ᠃
ᠢᠷᠡᠯᠲᠡ ᠄ ᠮᠢᠨᠦ ᠤᠯᠠᠭᠠᠨᠬᠠᠳᠠ ᠮᠣᠩᠭᠣᠯ ᠪᠢᠴᠢᠭ ᠲᠠᠪᠴᠠᠩ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
