ᠵᠡᠭᠦᠳᠦᠨ ᠳ᠋ᠦ᠍ ᠬᠣᠨᠣᠭᠰᠢᠭᠰᠠᠨ ᠨᠤᠲᠤᠭ-ᠠᠶᠠᠯᠭᠤᠨ Züüdend khonogshson nutag-AyalguunЗүүдэнд хоногшсон нутаг-Аялгуун ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦᠨ ᠳ᠋ᠦ᠍ ᠬᠣᠨᠣᠭᠰᠢᠭᠰᠠᠨ ᠨᠤᠲᠤᠭ-ᠠᠶᠠᠯᠭᠤᠨ Züüdend khonogshson nutag-AyalguunЗүүдэнд хоногшсон нутаг-Аялгуун

ᠵᠡᠭᠦᠳᠦᠨ ᠳ᠋ᠦ᠍ ᠬᠣᠨᠣᠭᠰᠢᠭᠰᠠᠨ ᠨᠤᠲᠤᠭ-ᠠᠶᠠᠯᠭᠤᠨ Züüdend khonogshson nutag-AyalguunЗүүдэнд хоногшсон нутаг-Аялгуун

ᠠᠩᠭᠢᠯᠠᠯ:ᠳᠠᠭᠤᠤ ᠬᠥᠭᠵᠢᠮ
2026-04-04

27

ᠵᠡᠭᠦᠳᠦᠨ ᠳ᠋ᠦ᠍ ᠬᠣᠨᠣᠭᠰᠢᠭᠰᠠᠨ ᠨᠤᠲᠤᠭ 


    ᠦᠭᠡ᠄ ᠲᠡᠮᠦᠷᠰᠦ᠋ᠬᠡ  
    ᠠᠶ᠎ᠠ᠄  ᠲᠡᠮᠦᠷᠰᠦ᠋ᠬᠡ  
    ᠳᠠᠭᠤᠴᠢᠨ᠄ ᠠᠶᠠᠯᠭᠤᠨ 

ᠠᠳᠤᠭᠤ ᠮᠠᠯ ᠨᠢ ᠪᠡᠯᠴᠢᠵᠦ ᠨᠠᠯᠠᠢᠭᠰᠠᠨ 
ᠠᠭᠢ ᠳᠠᠭᠠᠨ᠎ᠠ ᠲᠠᠢ ᠮᠠᠨᠳᠠ ᠰᠢᠯᠢ ᠮᠢᠨᠢ ᠬᠦ 
ᠠᠯᠤᠰ ᠠ᠋ᠴᠠ ᠢᠷᠡᠬᠦ ᠰᠢᠪᠠᠭᠤᠳ ᠤ᠋ᠨ ᠪᠠᠭᠤᠳᠠᠯ ᠲᠠᠢ 
ᠠᠷᠢᠭᠤᠨ ᠲᠤᠩᠭᠠᠯᠠᠭ ᠬᠣᠨᠳᠣ ᠨᠠᠭᠤᠷ ᠮᠢᠨᠢ ᠠ᠋ 
ᠡᠯᠪᠡᠭ ᠪᠠᠶᠠᠨ ᠮᠣᠩᠭᠣᠯ ᠨᠤᠲᠤᠭ ᠮᠢᠨᠢ 
ᠡᠩᠬᠡ ᠠᠮᠤᠭᠤᠯᠠᠩ ᠵᠢᠷᠭᠠᠯ ᠤ᠋ᠨ ᠣᠷᠣᠨ ᠳᠠ 
ᠬᠡᠦᠬᠡᠳ ᠨᠠᠰᠤᠨ ᠠ᠋ᠴᠠ ᠮᠢᠨᠢ ᠵᠡᠭᠦᠳᠦᠨ ᠳ᠋ᠦ᠍ ᠬᠣᠨᠣᠭᠰᠢᠭᠰᠠᠨ
ᠬᠥᠬᠡᠷᠡᠨ ᠴᠡᠩᠬᠡᠷᠲᠦᠭᠰᠡᠨ ᠣᠷᠣᠢ ᠶ᠋ᠢᠨ ᠤᠰᠤ ᠮᠢᠨᠢ ᠬᠦ
ᠬᠦᠯᠦᠭ ᠮᠣᠷᠢᠳ ᠤ᠋ᠨ ᠰᠢᠨᠳᠠᠰᠤ ᠶ᠋ᠢ ᠰᠣᠷᠢᠭᠰᠠᠨ
ᠬᠥᠷᠥᠰᠥᠯᠢᠭ ᠲᠡᠨᠢᠭᠦᠨ ᠬᠡᠷᠡᠮᠲᠦ ᠶ᠋ᠢᠨ ᠲᠠᠯ᠎ᠠ ᠮᠢᠨᠢ ᠠ᠋
ᠡᠯᠪᠡᠭ ᠪᠠᠶᠠᠨ ᠮᠣᠩᠭᠣᠯ ᠨᠤᠲᠤᠭ ᠮᠢᠨᠢ
ᠡᠩᠬᠡ ᠠᠮᠤᠭᠤᠯᠠᠩ ᠵᠢᠷᠭᠠᠯ ᠤ᠋ᠨ ᠣᠷᠣᠨ ᠳᠠ

ᠤᠯᠢᠶᠠᠰᠤ ᠮᠣᠳᠣᠳ ᠨᠢ ᠨᠠᠢᠭᠤᠨ ᠭᠠᠩᠬᠤᠭᠰᠠᠨ
ᠠᠭᠤᠳᠠᠮ ᠲᠡᠨᠢᠭᠦᠨ ᠪᠤᠭᠤᠲᠤ ᠶ᠋ᠢᠨ ᠡᠩᠭᠡᠷ ᠠ᠋ ᠬᠦ
ᠠᠭᠤᠵᠢᠷᠠᠨ ᠠᠭᠤᠵᠢᠷᠠᠨ ᠰᠡᠳᠬᠢᠯ ᠳ᠋ᠦ᠍ ᠬᠣᠷᠭᠣᠳᠠᠭᠰᠠᠨ
ᠤᠨᠳᠤᠷᠠᠨ  ᠤᠷᠤᠰᠬᠤ ᠨᠠᠷᠠᠰᠤᠨ ᠪᠤᠯᠠᠭ ᠮᠢᠨᠢ ᠠ᠋
ᠡᠯᠪᠡᠭ ᠪᠠᠶᠠᠨ ᠮᠣᠩᠭᠣᠯ ᠨᠤᠲᠤᠭ ᠮᠢᠨᠢ
ᠡᠩᠬᠡ ᠠᠮᠤᠭᠤᠯᠠᠩ ᠵᠢᠷᠭᠠᠯ ᠤ᠋ᠨ ᠣᠷᠣᠨ ᠳᠠ
     ᠠᠢ ᠠᠢ ᠬᠦ᠂ ᠠᠢ ᠠᠢ ᠬᠦ
ᠡᠭᠡᠰᠢᠭ ᠳᠠᠭᠤᠨ ᠤ᠋ ᠮᠢᠨᠢ ᠲᠦᠷᠢᠯᠭᠡ ᠴᠦ᠍   ᠤᠤ ᠳᠠ
ᠠᠪᠤ ᠶ᠋ᠢᠨ ᠮᠢᠨᠢ ᠬᠠᠯᠠᠭᠤᠨ ᠬᠠᠢᠷ᠎ᠠ ᠴᠤ᠌ ᠶᠤᠮ ᠤᠤ ᠳᠠ
ᠠᠴᠢᠲᠠᠢ ᠡᠵᠢ ᠶ᠋ᠢᠨ ᠪᠦᠪᠡᠢ ᠴᠦ᠍ ᠶᠤᠮ ᠤᠤ ᠳᠠ

     ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
     ᠦᠰᠦᠭ ᠬᠠᠳᠠᠭᠴᠢ᠄ ᠪᠠᠢ᠂ ᠰᠠᠷᠠᠨ᠎ᠠ
     ᠬᠢᠨᠠᠭᠴᠢ᠄ ᠰᠣᠨᠢᠨᠪᠠᠶᠠᠷ