ᠰᠢᠪᠠᠭᠤᠳ ᠲᠤ᠌ ᠵᠠᠬᠢᠭᠰᠠᠨ ᠢᠷᠦᠭᠡᠯ- ᠪᠠᠶᠠᠨᠪᠤᠯᠠᠭШувуудад захисан ерөөл-Баянбулаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠪᠠᠭᠤᠳ ᠲᠤ᠌ ᠵᠠᠬᠢᠭᠰᠠᠨ ᠢᠷᠦᠭᠡᠯ- ᠪᠠᠶᠠᠨᠪᠤᠯᠠᠭШувуудад захисан ерөөл-Баянбулаг

ᠰᠢᠪᠠᠭᠤᠳ ᠲᠤ᠌ ᠵᠠᠬᠢᠭᠰᠠᠨ ᠢᠷᠦᠭᠡᠯ- ᠪᠠᠶᠠᠨᠪᠤᠯᠠᠭШувуудад захисан ерөөл-Баянбулаг

ᠠᠩᠭᠢᠯᠠᠯ:ᠳᠠᠭᠤᠤ ᠬᠥᠭᠵᠢᠮ
2026-04-03

33

ᠰᠢᠪᠠᠭᠤᠳ ᠲᠤ᠌ ᠵᠠᠬᠢᠭᠰᠠᠨ ᠢᠷᠦᠭᠡᠯ


     ᠦᠭᠡ᠄ ᠼᠦᠢ ᠹᠦ 
     ᠠᠶ᠎ᠠ᠄ ᠵᠣᠣ ᠶ᠋ᠢᠨ ᠪᠤᠤ 
     ᠳᠠᠭᠤᠴᠢᠨ᠄ ᠪᠠᠶᠠᠨᠪᠤᠯᠠᠭ 

ᠤᠰᠤᠨ ᠤ᠋ ᠰᠢᠪᠠᠭᠤᠳ ᠪᠤᠴᠠᠬᠤ ᠪᠠᠷ ᠨᠢ 
ᠤᠶᠠᠬᠠᠨ ᠵᠢᠷᠦᠬᠡ ᠶ᠋ᠢ ᠮᠢᠨᠢ ᠰᠢᠮᠰᠢᠷᠡᠭᠦᠯᠦᠭᠡᠳ 
ᠠᠭᠤᠯᠠᠰ ᠤ᠋ᠨ ᠳᠡᠭᠡᠭᠦᠷ ᠳᠠᠯᠠᠯᠤᠭᠰᠠᠭᠠᠷ 
ᠤᠨᠠᠭᠠᠨ ᠨᠤᠲᠤᠭ ᠢ᠋ ᠮᠢᠨᠢ ᠵᠣᠷᠢᠨ ᠨᠢᠰᠦᠯ᠎ᠡ 
ᠨᠡᠭᠦᠳᠡᠯ ᠦ᠋ᠨ ᠴᠤᠪᠤᠭ᠎ᠠ ᠨᠢ ᠬᠦᠷᠬᠦ ᠭᠠᠵᠠᠷ 
ᠨᠥᠮᠥᠷᠢ ᠳᠤᠯᠠᠭᠠᠨ ᠡᠵᠢ ᠶ᠋ᠢᠨ ᠮᠢᠨᠢ ᠥᠯᠥᠭᠡᠢ 
ᠰᠠᠨᠠᠨ ᠲᠡᠮᠡᠦᠯᠦᠭᠰᠡᠨ ᠬᠠᠢᠷ᠎ᠠ ᠶ᠋ᠢ ᠮᠢᠨᠢ ᠲᠡᠭᠡᠭᠡᠵᠦ 
ᠰᠠᠢᠬᠠᠨ ᠢᠷᠦᠭᠡᠯ ᠢ᠋ ᠮᠢᠨᠢ ᠬᠦᠷᠭᠡᠭᠡᠷᠡᠢ 
ᠢᠷᠡᠭᠰᠡᠨ ᠰᠢᠪᠠᠭᠤᠳ ᠪᠤᠴᠠᠬᠤ ᠪᠠᠷ ᠨᠢ
ᠡᠮᠵᠡᠭ ᠬᠠᠢᠷ᠎ᠠ ᠶ᠋ᠢ ᠮᠢᠨᠢ ᠥᠨᠥᠴᠢᠷᠡᠭᠦᠯᠦᠭᠡᠳ
ᠡᠭᠦᠯᠡᠰ ᠦ᠋ᠨ ᠳᠣᠣᠭᠤᠷ ᠵᠡᠯᠡᠯᠡᠭᠰᠡᠭᠡᠷ
ᠥᠰᠦᠭᠰᠡᠨ ᠨᠤᠲᠤᠭ ᠢ᠋ ᠮᠢᠨᠢ ᠴᠢᠭᠯᠡᠨ ᠨᠢᠰᠦᠯ᠎ᠡ
ᠨᠡᠭᠦᠳᠡᠯ ᠦ᠋ᠨ ᠰᠢᠪᠠᠭᠤᠳ ᠨᠢ ᠬᠦᠷᠬᠦ ᠭᠠᠵᠠᠷ
ᠨᠥᠮᠥᠷᠢ ᠳᠤᠯᠠᠭᠠᠨ ᠡᠵᠢ ᠶ᠋ᠢᠨ ᠮᠢᠨᠢ ᠥᠯᠥᠭᠡᠢ
ᠰᠠᠨᠠᠨ ᠲᠡᠮᠡᠦᠯᠦᠭᠰᠡᠨ ᠬᠠᠢᠷ᠎ᠠ ᠶ᠋ᠢ ᠮᠢᠨᠢ ᠲᠡᠭᠡᠭᠡᠵᠦ
ᠰᠠᠢᠬᠠᠨ ᠢᠷᠦᠭᠡᠯ ᠢ᠋ ᠮᠢᠨᠢ ᠬᠦᠷᠭᠡᠭᠡᠷᠡᠢ
   (ᠳᠠᠬᠢᠯᠲᠠ)

  ᠦᠰᠦᠭ ᠠᠮᠢᠯᠠᠭᠤᠯᠤᠭᠴᠢ᠄᠄ ᠰᠣᠳᠣ
 ᠬᠢᠨᠠᠭᠴᠢ᠄ ᠣᠳᠬᠠᠨᠰᠣ᠎ᠠ