ᠬᠠᠢᠷ᠎ᠠ - ᠴ·ᠴᠢᠯᠠᠭᠤᠨᠪᠠᠲᠤKhair-Ts·ChuluunbatХайр-Ц·Чулуунбат ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ - ᠴ·ᠴᠢᠯᠠᠭᠤᠨᠪᠠᠲᠤKhair-Ts·ChuluunbatХайр-Ц·Чулуунбат

ᠬᠠᠢᠷ᠎ᠠ - ᠴ·ᠴᠢᠯᠠᠭᠤᠨᠪᠠᠲᠤKhair-Ts·ChuluunbatХайр-Ц·Чулуунбат

ᠠᠩᠭᠢᠯᠠᠯ:ᠳᠠᠭᠤᠤ ᠬᠥᠭᠵᠢᠮ
2026-04-03

93

ᠬᠠᠢᠷ᠎ᠠ


     ᠦᠭᠡ᠄ ᠪᠠᠲᠤᠠᠤᠨ᠌ᠳᠤᠷᠠᠬᠤ᠂ ᠳ· ᠭᠠᠩᠸᠠᠴᠢᠷ 
     ᠠᠶ᠎ᠠ᠄ ᠴ· ᠴᠢᠯᠠᠭᠤᠨᠪᠠᠲᠤ 
     ᠳᠠᠭᠤᠴᠢᠨ᠄ ᠴ· ᠴᠢᠯᠠᠭᠤᠨᠪᠠᠲᠤ 

ᠬᠦᠯᠢᠶᠡᠵᠦ ᠰᠠᠭᠤᠭ᠎ᠠ ᠡᠵᠢ ᠳ᠋ᠦ᠍ ᠪᠡᠨ 
ᠰᠠᠢᠨ ᠶᠠᠪᠤᠭ᠎ᠠ ᠪᠠᠨ ᠲᠤᠭᠤᠯᠠᠭᠠᠷᠠᠢ 
ᠬᠦᠰᠡᠯ ᠢ᠋ᠶ᠋ᠡᠨ ᠭᠦᠢᠴᠡᠭᠡᠭᠡᠳ ᠢᠷᠡᠬᠦ ᠳ᠋ᠦ᠍ ᠴᠢᠨᠢ 
ᠰᠠᠨᠠᠭᠰᠠᠨ ᠰᠡᠳᠬᠢᠯ ᠨᠢ ᠰᠠᠶᠢ ᠯᠠ ᠳᠡᠪᠲᠦᠨ᠎ᠡ 
ᠡᠨᠡ ᠣᠷᠴᠢᠯᠠᠩ ᠤ᠋ᠨ ᠭᠡᠭᠡ 
ᠨᠠᠳᠠ ᠳ᠋ᠤ᠌ ᠭᠠᠭᠴᠠᠬᠠᠨ ᠵᠠᠶᠠᠭᠠᠵᠤ 
ᠲᠡᠷᠡᠬᠡᠨ ᠪᠡᠶ᠎ᠡ ᠳ᠋ᠦ᠍ ᠪᠡᠨ ᠪᠠᠭᠲᠠᠮ᠎ᠠ ᠦᠭᠡᠢ
ᠤᠬᠠᠭᠠᠨ ᠢ᠋ᠶ᠋ᠠᠨ ᠬᠠᠢᠷᠠᠯᠠᠭᠰᠠᠨ
ᠲᠠᠨ ᠳ᠋ᠤ᠌ ᠪᠠᠨ ᠬᠦᠦ ᠨᠢ ᠬᠠᠢᠷᠠᠲᠠᠢ

ᠬᠠᠢᠷᠠᠲᠤ ᠮᠢᠨᠢ ᠨᠠᠮ᠎ᠠ ᠶ᠋ᠢ ᠠᠭᠤᠴᠢᠯᠠ
ᠭᠣᠮᠣᠳᠠᠭᠠᠵᠤ ᠶᠠᠪᠤᠭᠰᠠᠨ ᠪᠣᠯ
ᠦᠨᠡᠨ ᠰᠡᠳᠬᠢᠯ ᠦ᠋ᠨ ᠴᠢᠨᠢ ᠡᠮᠦᠨ᠎ᠡ
ᠠᠭᠤᠴᠢᠯᠠᠯ ᠬᠦᠰᠡᠨ ᠪᠠᠢᠵᠤ ᠠᠷᠭᠠᠳᠠᠶ᠎ᠠ
ᠭᠣᠮᠣᠳᠠᠭᠠᠬᠤ ᠡᠷᠬᠡ ᠦᠭᠡᠢ ᠬᠠᠢᠷ᠎ᠠ ᠶ᠋ᠢ
ᠵᠢᠷᠦᠬᠡ ᠰᠡᠳᠬᠢᠯ ᠳ᠋ᠦ᠍ ᠪᠡᠨ ᠳᠡᠭᠡᠳᠦᠯᠡᠨ
ᠠᠮᠢᠳᠤᠷᠠᠯ ᠳ᠋ᠤ᠌ ᠪᠡᠶᠡᠰ ᠢ᠋ᠶ᠋ᠡᠨ ᠲᠦᠰᠢᠨ ᠬᠠᠨᠢᠰᠴᠤ
ᠬᠠᠢᠷ᠎ᠠ ᠪᠠᠨ ᠡᠭᠦᠷᠢᠳᠡ ᠬᠠᠢᠷᠠᠯᠠᠵᠤ
ᠣᠷᠴᠢᠯᠠᠩ ᠳ᠋ᠤ᠌ ᠵᠢᠷᠭᠠᠵᠤ ᠶᠠᠪᠤᠭᠠᠷᠠᠢ

ᠠᠯᠳᠠᠵᠤ ᠡᠨᠳᠡᠭᠰᠡᠨ ᠨᠠᠢᠵᠠ ᠪᠠᠨ
ᠭᠠᠷ ᠠ᠋ᠴᠠ ᠨᠢ ᠠᠳᠬᠤᠭᠠᠳ ᠲᠡᠪᠡᠷᠢᠭᠡᠷᠡᠢ
ᠰᠡᠳᠬᠢᠯ ᠭᠤᠨᠳᠠᠭᠤᠬᠠᠨ

ᠶᠠᠪᠤᠭ᠎ᠠ ᠠᠨᠳᠠ ᠴᠢᠨᠢ
ᠰᠠᠢᠬᠠᠨ ᠦᠭᠡ ᠪᠡᠷ ᠳᠤᠲᠠᠵᠤ ᠮᠡᠳᠡᠨ᠎ᠡ
ᠣᠷᠴᠢᠯᠠᠩ ᠳ᠋ᠤ᠌ ᠬᠥᠮᠦᠰ ᠬᠠᠢᠷ᠎ᠠ ᠶ᠋ᠢ
ᠪᠡᠶ᠎ᠡ ᠪᠠᠶᠠᠨ ᠠ᠋ᠴᠠ ᠪᠠᠨ ᠬᠦᠯᠢᠶᠡᠵᠦ
ᠬᠠᠢᠷᠠᠯᠠᠬᠤ ᠲᠣᠰᠤᠮ ᠰᠡᠳᠬᠢᠯ ᠭᠡᠳᠡᠭ
ᠰᠠᠷ᠎ᠠ ᠵᠢᠯ ᠦ᠋ᠳ ᠦ᠋ᠨ ᠤᠷᠤᠰᠬᠠᠯ ᠳ᠋ᠤ᠌ 
 ᠮᠥᠩᠬᠡᠳᠡ ᠬᠠᠢᠷ᠎ᠠ ᠪᠠᠷ ᠭᠡᠷᠡᠯᠲᠦᠨ᠎ᠡ

ᠬᠣᠷᠸ᠎ᠠ ᠳ᠋ᠤ᠌ ᠬᠠᠢᠷ᠎ᠠ ᠭᠡᠳᠡᠭ
ᠬᠠᠮᠢᠭ᠎ᠠ ᠠ᠋ᠴᠠ ᠴᠦ᠍ ᠭᠡᠢᠬᠦ ᠨᠠᠷᠠᠨ
ᠬᠠᠭᠠᠴᠠᠯ ᠤᠴᠠᠷᠠᠯ ᠪᠠᠶᠠᠷ ᠭᠤᠨᠢᠭ ᠲᠤ᠌
ᠬᠠᠮᠲᠤ ᠪᠠᠢᠳᠠᠭ ᠶᠤᠮ ᠰᠢᠦ ᠡᠨᠡ ᠬᠠᠢᠷ᠎ᠠ

ᠬᠣᠷᠸ᠎ᠠ ᠳ᠋ᠤ᠌ ᠬᠠᠢᠷ᠎ᠠ ᠭᠡᠳᠡᠭ 

ᠬᠠᠮᠢᠭ᠎ᠠ᠎ᠠᠴᠠ ᠴᠦ᠍ ᠭᠡᠢᠬᠦ ᠨᠠᠷᠠᠨ
ᠬᠠᠭᠠᠴᠠᠯ ᠤᠴᠠᠷᠠᠯ ᠪᠠᠶᠠᠷ ᠭᠤᠨᠢᠭ᠎ᠲᠤ
ᠬᠠᠮᠲᠤ ᠪᠠᠢᠳᠠᠭ ᠶᠤᠮ ᠰᠢᠦ ᠡᠨᠡ ᠬᠠᠢᠷ᠎ᠠ
ᠮᠥᠩᠬᠡ ᠶᠦᠮ ᠰᠢᠦ ᠡᠨᠡ ᠬᠠᠢᠷ᠎ᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ