ᠤᠷᠲᠤ ᠶ᠋ᠢᠨ ᠳᠠᠭᠤᠨ ᠤ᠋ ᠤᠶᠠᠩᠭᠠᠲᠤ ᠣᠷᠣᠨ -ᠭ· ᠤᠯᠠᠭᠠᠨᠴᠡᠴᠡᠭ Ordyn duuny uyangat oron-G·UlaantsetsegОрдын дууны уянгат орон-Г·Улаанцэцэг
ᠤᠷᠲᠤ ᠶ᠋ᠢᠨ ᠳᠠᠭᠤᠨ ᠤ᠋ ᠤᠶᠠᠩᠭᠠᠲᠤ ᠣᠷᠣᠨ
ᠦᠭᠡ᠄ ᠷ· ᠡᠩᠬᠡ
ᠠᠶ᠎ᠠ᠄ ᠯ· ᠪᠠᠯᡀᠠᠬᠠᠵᠠᠪ
ᠳᠠᠭᠤᠴᠢᠨ᠄ ᠭ· ᠤᠯᠠᠭᠠᠨᠴᠡᠴᠡᠭ
ᠠᠯᠲᠠᠨ ᠨᠢᠳᠦᠲᠦ ᠣᠳᠣᠳ ᠤ᠋ᠨ ᠬᠦᠷᠢᠶᠡᠯᠡᠩ ᠳ᠋ᠦ᠍
ᠠᠮᠤᠭᠤᠯᠠᠩ ᠰᠠᠷᠠᠨ ᠭᠠᠭᠴᠠᠭᠠᠷ ᠵᠤᠭᠠᠯᠠᠨ᠎ᠠ
ᠲᠠᠯ᠎ᠠ ᠶ᠋ᠢᠨ ᠮᠣᠩᠭᠣᠯ ᠤ᠋ᠨ ᠮᠥᠩᠭᠥᠨ ᠰᠥᠨᠢ ᠶ᠋ᠢᠨ
ᠲᠠᠭᠠᠯᠠᠨ ᠰᠠᠭᠤᠵᠤ ᠰᠠᠭᠠᠲᠠᠬᠤ ᠲᠠᠪᠢᠯᠠᠩ ᠲᠠᠢ
ᠵᠡᠭᠦᠳᠦᠯᠡᠬᠦ ᠬᠤᠨ ᠰᠢᠭ᠋ ᠴᠠᠭᠠᠨ ᠭᠡᠷ ᠦ᠋ᠳ ᠨᠢ
ᠵᠦᠯᠭᠡ ᠪᠡᠨ ᠳᠠᠭᠠᠭᠠᠳ ᠵᠦᠮᠪᠦᠷᠯᠡᠨ ᠪᠠᠢᠨ᠎ᠠ
ᠳᠣᠷᠣᠨ᠎ᠠ ᠶ᠋ᠢᠨ ᠮᠣᠩᠭᠣᠯ ᠤ᠋ᠨ ᠠᠭᠤᠳᠠᠮ ᠲᠠᠯ᠎ᠠ ᠨᠢ
ᠳᠣᠲᠣᠨᠣ ᠰᠡᠳᠬᠢᠯᠭᠡ ᠪᠡᠨ ᠳᠡᠯᠭᠡᠨ ᠤᠭᠲᠤᠨ᠎ᠠ
ᠮᠢᠨᠦ ᠮᠣᠩᠭᠣᠯ ᠡᠬᠡ ᠣᠷᠣᠨ
ᠮᠣᠷᠢᠨ ᠬᠤᠭᠤᠷ ᠤ᠋ᠨ ᠠᠶᠠᠯᠭᠤᠲᠤ ᠣᠷᠣᠨ
ᠮᠣᠩᠭᠣᠯ ᠮᠣᠩᠭᠣᠯ ᠡᠬᠡ ᠣᠷᠣᠨ
ᠤᠷᠲᠤ ᠶ᠋ᠢᠨ ᠳᠠᠭᠤᠨ ᠤ᠋ ᠤᠶᠠᠩᠭᠠᠲᠤ ᠣᠷᠣᠨ
ᠠᠭᠤᠳᠠᠮ ᠲᠠᠯ᠎ᠠ ᠶ᠋ᠢᠨ ᠮᠣᠩᠭᠣᠯ ᠲᠦᠮᠡᠨ ᠡᠴᠡ ᠨᠢ
ᠤᠷᠲᠤ ᠶ᠋ᠢᠨ ᠳᠠᠭᠤᠤ ᠨᠢ ᠲᠥᠷᠥᠭᠰᠡᠨ ᠴᠦ᠍ ᠶᠦᠮ ᠤᠤ ᠳᠠ
ᠠᠷᠭᠠᠰᠤᠨ ᠬᠤᠭᠤᠷ ᠤ᠋ᠨ ᠮᠣᠩᠭᠣᠯ ᠠᠶᠠᠯᠭᠤ
ᠠᠯᠲᠠᠨ ᠳᠡᠯᠡᠬᠡᠢ ᠳ᠋ᠦ᠍ ᠳᠤᠷᠠᠯᠠᠭᠰᠠᠨ ᠴᠦ᠍ ᠶᠤᠮ ᠤᠤ ᠳᠠ
ᠲᠤᠷᠤᠭ ᠰᠢᠪᠠᠭᠤᠳ ᠨᠢ ᠨᠢᠰᠦᠭᠡᠳ ᠳᠠᠭᠤᠰᠤᠮᠠ ᠦᠭᠡᠢ
ᠲᠠᠯ᠎ᠠ ᠶ᠋ᠢᠨ ᠲᠡᠷᠲᠡᠭᠡ ᠬᠠᠷᠠᠭ᠎ᠠ ᠬᠦᠷᠦᠮ᠎ᠡ ᠦᠭᠡᠢ
ᠠᠩᠬᠢᠯᠤᠭᠤᠨ ᠴᠡᠴᠡᠭᠡᠰ ᠠᠯᠠᠭᠯᠠᠨ ᠨᠠᠢᠭᠤᠬᠤ
ᠠᠢ ᠳᠠ ᠮᠣᠩᠭᠣᠯ ᠤ᠋ᠨ ᠠᠭᠤᠳᠠᠮ ᠲᠠᠯ᠎ᠠ ᠮᠢᠨᠢ ᠠ᠋
ᠮᠢᠨᠦ ᠮᠣᠩᠭᠣᠯ ᠡᠬᠡ ᠣᠷᠣᠨ
ᠮᠣᠷᠢᠨ ᠬᠤᠭᠤᠷ ᠤ᠋ᠨ ᠠᠶᠠᠯᠭᠤᠲᠤ ᠣᠷᠣᠨ
ᠮᠣᠩᠭᠣᠯ ᠮᠣᠩᠭᠣᠯ ᠡᠬᠡ ᠣᠷᠣᠨ
ᠤᠷᠲᠤ ᠶ᠋ᠢᠨ ᠳᠠᠭᠤᠨ ᠤ᠋ ᠤᠶᠠᠩᠭᠠᠲᠤ ᠣᠷᠣᠨ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
