ᠡᠵᠢ ᠮᠢᠨᠢ-ᠳᠠᠳᠮ᠎ᠠEej mini-DedmaЭэж минь-Дэдма ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠮᠢᠨᠢ-ᠳᠠᠳᠮ᠎ᠠEej mini-DedmaЭэж минь-Дэдма

ᠡᠵᠢ ᠮᠢᠨᠢ-ᠳᠠᠳᠮ᠎ᠠEej mini-DedmaЭэж минь-Дэдма

ᠠᠩᠭᠢᠯᠠᠯ:ᠳᠠᠭᠤᠤ ᠬᠥᠭᠵᠢᠮ
2026-04-03

175

ᠡᠵᠢ ᠮᠢᠨᠢ


       ᠦᠭᠡ ᠄ ᠴ᠂ ᠳᠠᠭᠪᠠᠳᠣᠷᠵᠢ 
       ᠠᠶ᠎ᠠ ᠄ ᠰ᠊ ᠂ ᠰᠠᠷᠠᠨᠴᠢᠮᠡᠤᠨ 
       ᠳᠠᠭᠤᠴᠢᠨ᠄ ᠳᠠᠳᠮ᠎ᠠ 

ᠪᠤᠳᠠᠩ ᠲᠠᠢ ᠶᠤ᠌ ᠪᠤᠭᠤᠷᠤᠯ ᠬᠣᠷᠸ᠎ᠠ ᠳ᠋ᠤ᠌ ᠪᠠᠨ 
ᠪᠦᠪᠡᠢᠯᠡᠵᠦ ᠥᠰᠬᠡᠭᠰᠡᠨ ᠡᠵᠢ ᠮᠢᠨᠢ ᠳᠡ ᠬᠦᠢ 
ᠪᠤᠷᠤᠭᠤ ᠶᠤ᠌ ᠵᠥᠪ ᠬᠣᠶᠠᠷ ᠢ᠋ ᠮᠢᠨᠢ 
ᠤᠬᠠᠭᠠᠷᠠᠭᠤᠯᠵᠤ ᠥᠰᠬᠡᠭᠰᠡᠨ ᠡᠵᠢ ᠮᠢᠨᠢ ᠳᠡ ᠬᠦᠢ 

ᠭᠠᠵᠠᠷ ᠬᠣᠯᠠ ᠠ᠋ᠴᠠ ᠰᠠᠨᠠᠬᠤᠯᠠᠷ 
ᠭᠠᠳᠠᠨ᠎ᠠ ᠪᠠᠨ ᠪᠥᠷᠲᠥᠢᠵᠦ ᠬᠠᠷᠠᠭᠳᠠᠬᠤ ᠶᠤᠮ 
ᠭᠠᠯᠠᠭᠤ ᠰᠢᠪᠠᠭᠤ ᠭᠠᠩᠭᠠᠨᠠᠬᠤ ᠪᠠᠷ 
ᠲᠠᠨ ᠢ᠋ ᠪᠡᠨ ᠳᠠᠭᠤᠳᠠᠮᠠᠷ ᠳᠠᠭᠤᠳᠠᠮᠠᠷ ᠪᠣᠯᠬᠤ ᠶᠤᠮ

ᠲᠣᠭᠣᠰᠣ ᠲᠠᠢ ᠶᠣ᠌ ᠰᠢᠷᠭᠠᠯ ᠬᠣᠷᠸ᠎ᠠ ᠳ᠋ᠤ᠌ ᠪᠠᠨ
ᠲᠣᠷᠨᠢᠭᠤᠯᠵᠤ ᠥᠰᠬᠡᠭᠰᠡᠨ ᠡᠵᠢ ᠮᠢᠨᠢ ᠳᠡ ᠬᠦᠢ
ᠲᠣᠭ᠎ᠠ ᠲᠠᠢ ᠶᠤ᠌ ᠬᠡᠳᠦᠨ ᠨᠠᠰᠤᠨ ᠳ᠋ᠤ᠌ ᠮᠢᠨᠢ
ᠲᠣᠭᠯᠠᠭᠤᠯᠵᠤ ᠥᠰᠬᠡᠭᠰᠡᠨ ᠡᠵᠢ ᠮᠢᠨᠢ ᠳᠡ ᠬᠦᠢ

ᠲᠤᠩ ᠴᠤ᠌ ᠬᠣᠯᠠ ᠠ᠋ᠴᠠ ᠰᠠᠨᠠᠬᠤ ᠪᠠᠷ
ᠲᠣᠭᠣᠰᠣᠨ ᠳᠤᠮᠳᠠ ᠮᠢᠨᠢ ᠪᠦᠷᠦᠯᠵᠡᠬᠦ ᠶᠦ᠍ᠮ
ᠲᠣᠭᠣᠷᠤᠤ ᠰᠢᠪᠠᠭᠤᠳ ᠭᠠᠩᠭᠠᠨᠠᠬᠤ ᠪᠠᠷ
ᠲᠠᠨ ᠢ᠋ ᠪᠡᠨ ᠳᠠᠭᠤᠯᠠᠮᠠᠷ ᠳᠠᠭᠤᠯᠠᠮᠠᠷ ᠪᠣᠯᠬᠤ ᠶᠤᠮ ᠳᠠ

ᠨᠠᠷᠠᠨ ᠲᠠᠢ ᠶᠤ᠌ ᠭᠠᠭᠴᠠᠬᠠᠨ ᠬᠣᠷᠸ᠎ᠠ ᠳ᠋ᠤ᠌ ᠪᠠᠨ
ᠨᠠᠮ᠎ᠠ ᠶ᠋ᠢ ᠪᠡᠨ ᠭᠡᠰᠡᠨ ᠡᠵᠢ ᠮᠢᠨᠢ ᠳᠡ ᠬᠦᠢ
ᠨᠠᠷᠭᠢᠶᠠᠨ ᠲᠠᠢ ᠶᠣ᠌ ᠣᠯᠠᠨ ᠡᠳᠦᠷ ᠢ᠋ᠶ᠋ᠡᠨ
ᠨᠠᠭᠠᠳᠤᠭᠤᠯᠵᠤ ᠥᠰᠬᠡᠭᠰᠡᠨ ᠡᠵᠢ ᠮᠢᠨᠢ ᠳᠡ ᠬᠦᠢ

ᠨᠤᠲᠤᠭ ᠤ᠋ᠨ ᠬᠣᠯᠠ ᠠ᠋ᠴᠠ ᠰᠠᠨᠠᠬᠤ ᠪᠠᠷ
ᠨᠢᠯᠪᠤᠰᠤᠨ ᠳᠤᠮᠳᠠ ᠮᠢᠨᠢ ᠪᠦᠷᠦᠯᠵᠡᠬᠦ ᠶᠦ᠍ᠮ
ᠨᠠᠭᠤᠷ ᠤ᠋ᠨ ᠰᠢᠪᠠᠭᠤᠳ ᠪᠤᠴᠠᠬᠤ ᠪᠠᠷ
ᠲᠠᠨ ᠢ᠋ ᠪᠡᠨ ᠳᠠᠭᠤᠳᠠᠮᠠᠷ ᠳᠠᠭᠤᠳᠠᠮᠠᠷ ᠪᠣᠯᠬᠤ ᠶᠤᠮ

      ᠢᠷᠡᠯᠲᠡ᠄ ᠮᠣᠩᠭᠣᠯ ᠳᠠᠭᠤᠤ ᠬᠥᠭᠵᠢᠮ ᠦ᠋ᠨ ᠰᠣᠨᠢᠷᠬᠠᠮᠵᠢ
      ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
      ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
      ᠦᠰᠦᠭ ᠬᠢᠨᠠᠭᠴᠢ᠄ ᠢᠷᠡᠭᠡᠳᠦᠢ