ᠮᠣᠩᠭᠣᠯ ᠭᠡᠳᠡᠭ ᠠᠢᠯ- ᠨ ᠬᠥᠬᠡᠰᠢᠭᠤᠢМонгол гэдэг айл-н хийшугуй ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠭᠡᠳᠡᠭ ᠠᠢᠯ- ᠨ ᠬᠥᠬᠡᠰᠢᠭᠤᠢМонгол гэдэг айл-н хийшугуй

ᠮᠣᠩᠭᠣᠯ ᠭᠡᠳᠡᠭ ᠠᠢᠯ- ᠨ ᠬᠥᠬᠡᠰᠢᠭᠤᠢМонгол гэдэг айл-н хийшугуй

2022-11-04

1228

ᠮᠣᠩᠭᠣᠯ ᠭᠡᠳᠡᠭ ᠠᠶ᠋ᠢᠯ

     ᠬᠦᠬᠡᠰᠢᠭᠤᠢ
1.

ᠡᠭᠡᠯ ᠠᠷᠠᠳ ᠨᠢ ᠴᠤ᠌ ᠪᠤᠷᠬᠠᠨ ᠮᠠᠶᠢᠬ ‍ᠢᠶ᠋ᠠᠷ ᠵᠠᠪᠢᠯᠠᠵᠤ ᠰᠠᠭᠤᠳᠠᠭ 
ᠡᠷᠡᠮᠡᠭ ᠬᠦᠯᠦᠭ ᠨᠢ ᠬᠠᠷᠠᠭᠤᠯ ᠮᠠᠶᠢᠬ ‍ᠢᠶ᠋ᠠᠷ ᠵᠣᠭᠰᠣᠭ᠎ᠠ ᠬᠣᠨᠣᠳᠠᠭ
ᠡᠷᠡᠯᠬᠡᠭ ᠪᠥᠬᠡᠴᠦᠳ ᠨᠢ ᠨᠠᠴᠢᠨ ᠠᠳᠠᠯᠢ ᠳᠡᠪᠢᠵᠦ ᠭᠠᠷᠳᠠᠭ
ᠡᠷᠡᠬᠡᠢ ᠰᠤᠷᠴᠢᠳ ᠨᠢ ᠬᠤᠪᠢᠯᠭᠠᠨ ᠠᠳᠠᠯᠢ ᠬᠠᠷᠪᠤᠵᠤ ᠣᠨᠣᠭᠠᠳᠠᠭ
 ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ‍ᠳᠦ
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !
2.

ᠡᠪᠡᠰᠦᠨ ‍ᠦ ᠰᠣᠷᠭᠣᠭ ‍ᠢ ᠰᠣᠩᠭᠣᠭᠰᠠᠨ ᠳᠥᠷᠪᠡᠨ ᠴᠠᠭ ‍ᠤᠨ ᠨᠡᠭᠦᠳᠡᠯ ᠎ᠲᠡᠢ
ᠤᠰᠤᠨ ‍ᠤ ᠲᠤᠩᠭᠠᠯᠠᠭ ‍ᠢ ᠦᠵᠡᠭᠦᠯᠦᠭᠰᠡᠨ ᠬᠡᠭᠡᠷ᠎ᠡ ‍ᠶ᠋ᠢᠨ ᠴᠠᠢ ᠨᠢ ᠠᠮᠲᠠ ᠎ᠲᠠᠢ
ᠠᠭᠤᠯᠠᠨ ‍ᠤ ᠰᠦᠷ ‍ᠢ ᠭᠠᠶ᠋ᠢᠬᠠᠭᠤᠯᠤᠭᠰᠠᠨ ᠣᠪᠣᠭᠠᠨ ᠶᠡᠬᠡ ᠰᠠᠬᠢᠭᠤᠰᠤ ᠎ᠲᠠᠢ
ᠤᠳᠬ᠎ᠠ ‍ᠶ᠋ᠢᠨ ᠭᠦᠨ ‍ᠢ ᠰᠢᠷᠭᠠᠭᠠᠭᠰᠠᠨ ᠤᠷᠲᠤ ‍ᠶ᠋ᠢᠨ ᠰᠠᠶ᠋ᠢᠬᠠᠨ ᠳᠠᠭᠤᠤ ᠎ᠲᠠᠢ
 
 ᠡᠬᠡ ᠣᠷᠣᠨ ᠭᠡᠳᠡᠭ ᠥᠨᠢ ᠳᠤᠯᠠᠭᠠᠬᠠᠨ ᠭᠡᠷ ᠪᠦᠯᠢ ‍ᠳᠦ
 
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !
3 .

ᠮᠣᠷᠢ ᠎ᠪᠠᠷ ᠲᠤᠭᠤᠯᠬᠤ ᠲᠠᠯ᠎ᠠ ‍ᠳᠤ ᠎ᠪᠠᠨ ᠬᠥᠯ ᠪᠦᠳᠦᠷᠢᠵᠦ ᠦᠵᠡᠭᠡ ᠦᠭᠡᠢ
ᠮᠣᠩᠭᠣᠯ ‍ᠢᠶ᠋ᠠᠷ ᠳᠠᠭᠤᠯᠠᠬᠤ ‍ᠶ᠋ᠢᠨ ᠦᠶ᠎ᠡ ‍ᠳᠦ ᠬᠡᠯᠡ ᠨᠢ ᠴᠣᠯᠴᠢᠷᠠᠵᠤ ᠶᠠᠪᠤᠭ᠎ᠠ ᠯᠡ ᠦᠭᠡᠢ
ᠮᠥᠩᠬᠡ ᠲᠩᠷᠢ ‍ᠳᠦ ᠎ᠪᠡᠨ ᠳᠠᠭᠠᠳᠬᠠᠭᠰᠠᠨ ᠡᠩᠬᠡ ᠴᠠᠭᠠᠨ ᠰᠦᠵᠢᠭ ᠎ᠲᠡᠢ
ᠮᠥᠰᠥᠨ ᠳᠠᠯᠠᠢ ‍ᠶ᠋ᠢ ᠬᠠᠶ᠋ᠢᠯᠤᠭᠤᠯᠤᠭᠰᠠᠨ ᠴᠠᠰᠤᠨ ᠴᠠᠭᠠᠨ ᠳᠣᠮᠣᠭ ᠎ᠲᠠᠢ
 ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ‍ᠳᠦ
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !
4.

ᠦᠭᠡᠨ ‍ᠦ ᠦᠵᠦᠭᠦᠷ ‍ᠢᠶ᠋ᠡᠷ ᠬᠥᠮᠦᠨ ‍ᠦ ᠵᠢᠷᠦᠬᠡ ‍ᠶ᠋ᠢ ᠰᠡᠪᠲᠦᠭᠡᠳᠡᠭ ᠦᠭᠡᠢ
ᠤᠷᠭ᠎ᠠ ‍ᠶ᠋ᠢᠨ ᠦᠵᠦᠭᠦᠷ ‍ᠢᠶ᠋ᠡᠨ ᠪᠤᠰᠤᠳ ‍ᠤᠨ ᠰᠦᠷᠦᠭ ᠎ᠲᠤ᠌ ᠳᠦᠷᠦᠳᠡᠭ ᠦᠭᠡᠢ
ᠦᠨᠡᠨ ‍ᠢᠶ᠋ᠡᠨ ᠬᠡᠯᠡᠭᠡᠳ ᠪᠡᠯᠡᠨ ‍ᠢᠶ᠋ᠡᠨ ᠢᠳᠡᠳᠡᠭ ᠵᠠᠩ ᠎ᠲᠠᠢ
ᠦᠬᠡᠷ ᠲᠡᠷᠭᠡ ᠎ᠪᠡᠷ ᠲᠠᠤᠯᠠᠢ ᠬᠥᠭᠡᠭᠡᠭᠰᠡᠨ ᠳᠣᠮᠣᠭ ᠎ᠲᠠᠢ
 ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ‍ᠳᠦ
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !

5.

ᠪᠤᠭᠤᠷᠤᠯ ᠡᠪᠦᠭᠡᠳ ‍ᠦᠨ ᠰᠤᠷᠭᠠᠯ ᠨᠢ ᠲᠠᠷᠨᠢ ᠰᠢᠭ᠋ ᠢᠳᠡ ᠎ᠲᠡᠢ
ᠪᠤᠶᠠᠨᠲᠤ ᠡᠮᠡᠭᠡᠳ ‍ᠦᠨ ᠵᠠᠬᠢᠶ᠎ᠠ ᠨᠢ ᠢᠷᠦᠭᠡᠯ ᠰᠢᠭ᠌ ᠰᠢᠳᠢ ᠎ᠲᠡᠢ
ᠪᠤᠷᠬᠠᠨ ‍ᠤ ᠨᠣᠮ ‍ᠢᠶ᠋ᠠᠷ ᠪᠡᠶ᠎ᠡ ᠰᠡᠳᠬᠢᠯ ‍ᠢᠶ᠋ᠡᠨ ᠵᠠᠰᠠᠵᠤ
ᠪᠤᠶᠠᠨ ‍ᠤ ᠦᠢᠯᠡ ᠎ᠪᠡᠷ ᠪᠣᠳᠢ ᠮᠥᠷ ‍ᠢ ᠬᠥᠭᠡᠭᠡᠴᠡᠯᠳᠦᠭᠰᠡᠨ
 ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ‍ᠳᠦ
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !
6.

ᠭᠡᠷ ‍ᠦᠨ ‍ᠢᠶ᠋ᠡᠨ ᠡᠭᠦᠳᠡᠨ ‍ᠳᠦ ᠣᠨᠢᠰᠣ ᠬᠡᠵᠢᠶᠡᠳᠡ ᠡᠯᠭᠦᠳᠡᠭ ᠦᠭᠡᠢ
ᠭᠡᠷᠭᠡᠢ ‍ᠶ᠋ᠢᠨ ᠬᠢᠨᠢ ᠴᠢᠷᠠᠢ ‍ᠳᠤ ᠡᠭᠦᠯᠡ ᠬᠡᠵᠢᠶᠡᠳᠡ ᠪᠦᠷᠬᠦᠶ᠋ᠢᠳᠡᠭ ᠦᠭᠡᠢ
ᠭᠡᠨᠡᠳᠡᠯ ‍ᠦᠨ ᠨᠦᠬᠡ ‍ᠶ᠋ᠢ ᠪᠤᠰᠤᠳ ᠲᠦ ᠬᠡᠵᠢᠶᠡᠳᠡ ᠮᠠᠯᠲᠠᠳᠠᠭ ᠦᠭᠡᠢ
ᠭᠡᠮᠰᠢᠯ ‍ᠦᠨ ᠦᠷ᠎ᠡ ‍ᠶ᠋ᠢ ᠥᠪᠡᠰᠦᠪᠡᠨ ᠬᠡᠵᠢᠶᠡᠳᠡ ᠲᠠᠷᠢᠳᠠᠭ ᠦᠭᠡᠢ
 ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ‍ᠳᠦ
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !
7.

ᠬᠠᠭᠠᠨ ‍ᠤ ᠣᠰᠣᠯ ‍ᠢ ᠥᠨᠥᠴᠢᠨ ᠬᠡᠦᠬᠡᠳ ‍ᠦᠳ ᠨᠢ ᠴᠤ᠌ ᠬᠡᠯᠡᠴᠢᠭᠡᠳᠡᠭ
ᠬᠠᠲᠤᠨ ‍ᠤ ᠎ᠪᠠᠨ ᠭᠠᠪᠢᠶ᠎ᠠ ‍ᠶ᠋ᠢ ᠥᠷᠯᠥᠭ ᠲᠣᠪᠴᠢᠶᠠᠨ ‍ᠳᠤ ᠎ᠪᠠᠨ ᠴᠤ᠌ ᠲᠡᠮᠳᠡᠭᠯᠡᠳᠡᠭ
ᠬᠠᠳᠠᠨ ᠳᠡᠭᠡᠷ᠎ᠡ ᠎ᠪᠡᠨ ᠠᠮᠢᠳᠤᠷᠠᠯ ‍ᠤᠨ ᠲᠡᠦᠬᠡ ᠎ᠪᠡᠨ ᠪᠢᠴᠢᠭᠯᠡᠳᠡᠭ
ᠬᠠᠨᠠᠨ ᠳᠡᠭᠡᠷ᠎ᠡ ᠎ᠪᠡᠨ ᠵᠢᠷᠭᠠᠯ ‍ᠤᠨ ᠨᠣᠲ ‍ᠢᠶ᠋ᠠᠨ ᠴᠢᠪᠬᠠᠳᠠᠳᠠᠭ
 ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ‍ᠳᠦ
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !
8.

ᠴᠢᠨᠣ᠎ᠠ ᠨᠢ ᠪᠠᠶ᠋ᠢᠲᠠᠯ᠎ᠠ ᠴᠡᠴᠡᠭ ‍ᠦᠨ ᠳᠡᠭᠡᠷ᠎ᠡ ᠭᠢᠰᠬᠢᠳᠡᠭ ᠦᠭᠡᠢ
ᠬᠣᠨᠢ ᠨᠢ ᠪᠠᠶ᠋ᠢᠲᠠᠯ᠎ᠠ ᠦᠬᠦᠬᠦ ‍ᠶ᠋ᠢᠨ ‍ᠢᠶ᠋ᠡᠨ ᠦᠶ᠎ᠡ ‍ᠳᠦ ᠮᠠᠶ᠋ᠢᠯᠠᠳᠠᠭ ᠦᠭᠡᠢ
ᠲᠠᠤᠯᠠᠢ ᠨᠢ ᠬᠦᠷᠲᠡᠯ᠎ᠡ ᠬᠡᠪᠲᠡᠭᠰᠡᠨ ᠣᠷᠣᠨ ‍ᠤ ᠎ᠪᠠᠨ ᠡᠪᠡᠰᠦ ‍ᠶ᠋ᠢ ᠨᠢ ᠢᠳᠡᠳᠡᠭ ᠦᠭᠡᠢ
ᠲᠣᠳᠢ ᠨᠢ ᠬᠦᠷᠲᠡᠯ᠎ᠡ ᠬᠡᠭᠦᠳᠡᠭ ᠮᠠᠭᠤᠲᠤ ‍ᠶ᠋ᠢᠨ ᠦᠭᠡ ‍ᠶ᠋ᠢ ᠳᠠᠭᠤᠷᠢᠶᠠᠳᠠᠭ ᠦᠭᠡᠢ
 ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ‍ᠳᠦ
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !
9.

ᠲᠡᠦᠬᠡ ‍ᠶ᠋ᠢᠨ ᠨᠣᠶᠠᠨ ᠬᠡᠷᠡᠭᠡᠨ ‍ᠳᠦ ᠪᠤᠰᠤᠳ ᠂ ᠪᠤᠰᠤᠳ ‍ᠢ ᠮᠥᠬᠥᠭᠡᠭᠰᠡᠨ
ᠲᠥᠷᠥ ‍ᠶ᠋ᠢᠨ ᠣᠯᠠᠨ ᠬᠠᠯᠠᠭᠠᠨ ‍ᠳᠤ ᠪᠡᠶ᠎ᠡ ᠂ ᠪᠠᠶᠠᠨ ‍ᠢᠶ᠋ᠠᠨ ᠴᠤ᠌ ᠤᠨᠠᠭᠠᠭᠰᠠᠨ
ᠳᠦᠷᠢᠮᠡᠬᠡᠢ ᠴᠠᠭ ‍ᠤᠨ ᠦᠶᠡᠰ ᠂ ᠳᠣᠭᠰᠢᠨ ᠲᠦᠢᠮᠡᠷ ᠰᠢᠭ᠌ ᠬᠤᠶ᠋ᠢᠯᠠᠷᠠᠭᠰᠠᠨ
ᠲᠦᠪᠰᠢᠨ ᠲᠥᠷᠥ ‍ᠶ᠋ᠢᠨ ᠦᠶᠡᠰ ᠨᠣᠮᠣᠬᠠᠨ ᠬᠣᠨᠢ ᠰᠢᠭ᠋ ᠪᠥᠭᠡᠮᠨᠡᠷᠡᠭᠰᠡᠨ
 ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ‍ᠳᠦ
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !
10.

ᠭᠠᠵᠠᠷ ᠲᠩᠷᠢ ‍ᠶ᠋ᠢᠨ ᠵᠠᠢ ‍ᠳᠤ ᠠᠯᠳᠠᠷ ᠨᠢ ᠬᠡᠵᠢᠶᠡᠳᠡ ᠵᠣᠭᠰᠣᠭ᠎ᠠ
ᠭᠠᠯᠪᠠ ᠲᠣᠭᠲᠠᠭᠰᠠᠨ ᠠ᠋ᠴᠠ ᠨᠠᠭᠠᠰᠢ ᠬᠡᠶ᠋ᠢᠮᠣᠷᠢ ᠨᠢ ᠡᠭᠦᠷᠢᠳᠡ ᠪᠣᠰᠤᠭ᠎ᠠ
ᠭᠠᠶ᠋ᠢᠬᠠᠮᠰᠢᠬᠲᠤ ᠵᠠᠭᠤᠨ ‍ᠤ ᠤᠯᠪᠠᠭᠠᠨ ‍ᠳᠤ ᠲᠡᠦᠬᠡ ᠨᠢ ᠥᠨᠢᠳᠡ ᠬᠥᠬᠡ
ᠭᠠᠪᠢᠶ᠎ᠠ ᠣᠰᠣᠯ ‍ᠤᠨ ᠳᠠᠩᠰᠠᠨ ‍ᠳᠤ ᠮᠥᠷ ᠨᠢ ᠮᠥᠩᠬᠡ ᠴᠠᠭᠠᠨ
 ᠡᠬᠡ ᠣᠷᠣᠨ ᠭᠡᠳᠡᠭ ᠥᠨᠢᠷ ᠳᠤᠯᠠᠭᠠᠬᠠᠨ ᠭᠡᠷ ᠪᠦᠯᠢ ‍ᠳᠦ
 ᠡᠶ᠋ᠢᠮᠦ ᠨᠢᠭᠡᠨ ᠠᠶ᠋ᠢᠯ ᠪᠠᠶ᠋ᠢᠳᠠᠭ ‍ᠢ ᠮᠣᠩᠭᠣᠯ ᠭᠡᠳᠡᠭ ᠡ !