ᠪᠢ ᠴᠢᠮ᠎ᠠ ᠳ᠋ᠤ᠌ ᠬᠠᠢᠷᠠᠲᠠᠢ -ᠬᠡᠰᠢᠭᠪᠠᠶᠠᠷ ᠳᠡᠯᠭᠡᠷᠮ᠎ᠠ Би чамд хайртай Bi chamd hairtai Хишигбаяр Дэлгэрмаа Khishigbayr Delgermaa ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠴᠢᠮ᠎ᠠ ᠳ᠋ᠤ᠌ ᠬᠠᠢᠷᠠᠲᠠᠢ -ᠬᠡᠰᠢᠭᠪᠠᠶᠠᠷ ᠳᠡᠯᠭᠡᠷᠮ᠎ᠠ Би чамд хайртай Bi chamd hairtai Хишигбаяр Дэлгэрмаа Khishigbayr Delgermaa

ᠪᠢ ᠴᠢᠮ᠎ᠠ ᠳ᠋ᠤ᠌ ᠬᠠᠢᠷᠠᠲᠠᠢ -ᠬᠡᠰᠢᠭᠪᠠᠶᠠᠷ ᠳᠡᠯᠭᠡᠷᠮ᠎ᠠ Би чамд хайртай Bi chamd hairtai Хишигбаяр Дэлгэрмаа Khishigbayr Delgermaa

ᠠᠩᠭᠢᠯᠠᠯ:ᠳᠠᠭᠤᠤ ᠬᠥᠭᠵᠢᠮ
2026-04-02

293

ᠪᠢ ᠴᠢᠮ᠎ᠠ ᠳ᠋ᠤ᠌ ᠬᠠᠢᠷᠠᠲᠠᠢ


      ᠦᠭᠡ᠄ ᠱ · ᡀᠠᠮᠤᠨᠤᠷᠵᠢᠮ᠎ᠠ  
      ᠠᠶ᠎ᠠ᠄ ᠡᠷᠳᠡᠨᠢᠪᠠᠲᠤ 
      ᠳᠠᠭᠤᠴᠢᠨ᠄ ᠳ·ᠬᠡᠰᠢᠬᠪᠠᠶᠠᠷ  ᠷ·ᠳᠡᠯᠭᠡᠷᠡᠮ᠎ᠡ 

ᠡᠨᠡᠬᠡᠨ ᠽᠠᠮᠪᠤᠲᠢᠪ ᠤ᠋ᠨ ᠠᠭᠤᠵᠢᠮ ᠠ᠋ᠴᠠ ᠪᠠᠨ 
ᠳᠠᠭᠤᠯᠠᠵᠤ ᠯᠠ ᠢᠷᠡᠭᠡᠳ ᠤᠴᠠᠷᠠᠭᠰᠠᠨ ᠶᠤᠮᠰᠠᠨ 
ᠥᠨᠢ ᠮᠥᠩᠬᠡ ᠶ᠋ᠢᠨ ᠬᠠᠢᠷᠠᠨ ᠳ᠋ᠤ᠌ ᠴᠢᠨᠢ 
ᠦᠯᠢᠭᠡᠷ ᠦ᠋ᠨ ᠲᠡᠭᠦᠰᠬᠡᠯ ᠰᠢᠭ ᠵᠢᠷᠭᠠᠶ᠎ᠠ ᠳᠠ 

ᠳᠡᠯᠭᠡᠷᠬᠡᠨ ᠽᠠᠮᠪᠤᠲᠢᠪ ᠤ᠋ᠨ ᠠᠭᠤᠳᠠᠮ ᠠ᠋ᠴᠠ ᠪᠠᠨ 
ᠳᠡᠭᠳᠡᠭᠡᠳ ᠢᠷᠡᠭᠰᠡᠨ ᠠᠶᠠᠯᠭᠤ ᠯᠠ ᠶᠤᠮᠰᠠᠨ
ᠡᠵᠢ ᠡᠭᠡᠯᠢᠲᠡᠢ ᠡᠩᠭᠡᠷ ᠲᠦ᠍ ᠴᠢᠨᠢ
ᠡᠷᠬᠡᠯᠡᠵᠦ ᠯᠡ ᠵᠢᠷᠭᠠᠶ᠎ᠠ ᠬᠠᠨᠢ ᠮᠢᠨᠢ ᠳᠡ

ᠰᠦᠰᠦᠭᠯᠡᠩᠬᠡᠨ ᠵᠠᠯᠪᠠᠷᠢᠳᠠᠭ ᠠᠭᠤᠯᠠᠰ ᠤ᠋ᠨ ᠮᠢᠨᠢ ᠲᠡᠷᠢᠭᠦᠨ ᠳᠡᠭᠡᠷ᠎ᠡ
ᠰᠡᠭᠦᠳᠡᠷ ᠰᠦᠯᠡᠳᠡᠭ ᠨᠠᠷᠠᠨ ᠤ᠋ ᠮᠠᠨᠢ ᠲᠣᠭᠣᠰᠣᠨ ᠳ᠋ᠤ᠌
ᠰᠦ ᠪᠡᠨ ᠡᠷᠭᠦᠳᠡᠭ ᠬᠣᠷᠸ᠎ᠠ ᠶ᠋ᠢᠨ ᠬᠣᠢᠮᠣᠷ  ᠲᠤ᠌
ᠬᠦᠦ ᠪᠡᠨ ᠬᠥᠲᠥᠯᠬᠦ ᠰᠡᠳᠬᠢᠯ ᠦ᠋ᠨ ᠮᠢᠨᠢ ᠦᠵᠦᠭᠦᠷ ᠲᠦ᠍
ᠬᠠᠢᠷ᠎ᠠ ᠮᠢᠨᠢ ᠪᠠᠢᠳᠠᠭ
ᠬᠠᠨᠢ ᠮᠢᠨᠢ ᠪᠠᠢᠳᠠᠭ
ᠡᠨᠡᠬᠡᠨ ᠽᠠᠮᠪᠤᠲᠢᠪ ᠤ᠋ᠨ ᠠᠭᠤᠵᠢᠮ ᠠ᠋ᠴᠠ ᠪᠠᠨ
ᠬᠠᠢᠷᠠᠲᠠᠢ ᠰᠢᠦ
ᠪᠢ ᠴᠢᠮ᠎ᠠ ᠳ᠋ᠠᠭᠠᠨ ᠬᠠᠢᠷᠠᠲᠠᠢ
ᠬᠠᠢᠷᠠᠲᠤ ᠮᠢᠨᠢ
ᠰᠦᠰᠦᠭᠯᠡᠩᠬᠡᠨ ᠵᠠᠯᠪᠠᠷᠢᠳᠠᠭ ᠠᠭᠤᠯᠠᠰ ᠤ᠋ᠨ ᠮᠢᠨᠢ ᠲᠡᠷᠢᠭᠦᠨ ᠳᠡᠭᠡᠷ᠎ᠡ
ᠰᠡᠭᠦᠳᠡᠷ ᠰᠦᠯᠡᠳᠡᠭ ᠨᠠᠷᠠᠨ ᠤ᠋ ᠮᠠᠨᠢ ᠲᠣᠭᠣᠰᠣᠨ ᠳ᠋ᠤ᠌
ᠰᠦ ᠪᠡᠨ ᠡᠷᠭᠦᠳᠡᠭ ᠬᠣᠷᠸ᠎ᠠ ᠶ᠋ᠢᠨ ᠬᠣᠢᠮᠣᠷ  ᠲᠤ᠌
ᠬᠦᠦ ᠪᠡᠨ ᠬᠥᠲᠥᠯᠬᠦ ᠰᠡᠳᠬᠢᠯ ᠦ᠋ᠨ ᠮᠢᠨᠢ ᠦᠵᠦᠭᠦᠷ ᠲᠦ᠍
ᠬᠠᠢᠷ᠎ᠠ ᠮᠢᠨᠢ ᠪᠠᠢᠳᠠᠭ
ᠬᠠᠨᠢ ᠮᠢᠨᠢ ᠪᠠᠢᠳᠠᠭ
ᠡᠨᠡᠬᠡᠨ ᠽᠠᠮᠪᠤᠲᠢᠪ ᠤ᠋ᠨ ᠠᠭᠤᠵᠢᠮ ᠠ᠋ᠴᠠ ᠪᠠᠨ
ᠬᠠᠢᠷᠠᠲᠠᠢ ᠰᠢᠦ
ᠪᠢ ᠴᠢᠮ᠎ᠠ ᠳ᠋ᠠᠭᠠᠨ ᠬᠠᠢᠷᠠᠲᠠᠢ
ᠬᠠᠢᠷᠠᠲᠤ ᠮᠢᠨᠢ

      ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
      ᠦᠰᠦᠭ ᠬᠠᠳᠠᠭᠴᠢ᠄ ᠪᠠᠢ᠂ ᠰᠠᠷᠠᠨ᠎ᠠ
      ᠬᠢᠨᠠᠭᠴᠢ᠄ ᠰᠣᠨᠢᠨᠪᠠᠶᠠᠷ