ᠭᠠᠢᠬᠠᠮᠰᠢᠭᠲᠤ ᠮᠣᠩᠭᠣᠯ ᠬᠡᠯᠡ -ᠳ·ᠪᠠᠭᠠᠲᠤᠷGaikhamshigt mongol khel-D·BaatarГайхамшигт монгол хэл-Д·Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠢᠬᠠᠮᠰᠢᠭᠲᠤ ᠮᠣᠩᠭᠣᠯ ᠬᠡᠯᠡ -ᠳ·ᠪᠠᠭᠠᠲᠤᠷGaikhamshigt mongol khel-D·BaatarГайхамшигт монгол хэл-Д·Баатар

ᠭᠠᠢᠬᠠᠮᠰᠢᠭᠲᠤ ᠮᠣᠩᠭᠣᠯ ᠬᠡᠯᠡ -ᠳ·ᠪᠠᠭᠠᠲᠤᠷGaikhamshigt mongol khel-D·BaatarГайхамшигт монгол хэл-Д·Баатар

2026-04-01

399

ᠭᠠᠢᠬᠠᠮᠰᠢᠭᠲᠤ ᠮᠣᠩᠭᠣᠯ ᠬᠡᠯᠡ


        ᠵᠣᠬᠢᠶᠠᠭᠴᠢ᠄ ᠳ·ᠪᠠᠭᠠᠲᠤᠷ 
        ᠤᠶᠠᠩᠭᠠᠯᠠᠭᠴᠢ᠄ ᠰᠤᠷᠤᠨ᠎ᠠ 

ᠤᠯᠠᠭᠠᠨ ᠨᠢᠯᠬ᠎ᠠ ᠠ᠋ᠴᠠ ᠪᠠᠨ ᠠᠪᠤᠭᠠᠳ ᠰᠣᠨᠣᠰᠴᠤ ᠳᠠᠰᠤᠭᠰᠠᠨ ᠬᠡᠯᠡ ᠮᠢᠨᠢ 
ᠤᠬᠠᠭ᠎ᠠ ᠲᠥᠬᠥᠭᠡ ᠣᠷᠣᠩᠭᠤᠲᠠ ᠨᠢᠳᠦᠯᠡᠵᠦ ᠤᠩᠰᠢᠭᠰᠠᠨ ᠪᠢᠴᠢᠭ ᠮᠢᠨᠢ 
ᠤᠷᠭᠤᠬᠤ ᠨᠠᠷᠠᠨ ᠤ᠋ ᠭᠠᠷᠠᠭ ᠲᠤ᠌《 ᠨᠢᠭᠤᠴᠠ ᠲᠣᠪᠴᠢᠶᠠᠨ》 ᠦᠯᠡᠳᠡᠭᠡᠭᠰᠡᠨ 
ᠤᠴᠢᠷ ᠨᠢᠭᠤᠴᠠᠭᠠᠢ ᠰᠤᠷᠪᠤᠯᠵᠢ ᠲᠠᠢ ᠭᠠᠢᠬᠠᠮᠰᠢᠭᠲᠤ ᠮᠣᠩᠭᠣᠯ ᠰᠣᠶᠣᠯ ᠮᠢᠨᠢ 

ᠠᠽᠢᠶ᠎ᠠ ᠶ᠋ᠢᠨ ᠣᠯᠠᠨ ᠨᠡᠭᠦᠳᠡᠯᠴᠢᠳ ᠡᠴᠡ ᠣᠢ ᠪᠢᠯᠢᠭ ᠢ᠋ᠶ᠋ᠡᠷ ᠢ᠋ᠶ᠋ᠡᠨ ᠲᠣᠳᠣᠷᠠᠵᠤ 
ᠠᠷᠪᠠᠨ ᠭᠤᠷᠪᠠᠳᠤᠭᠠᠷ ᠵᠠᠭᠤᠨ ᠲᠠᠢ ᠱᠠᠰᠲᠢᠷ ᠲᠤ᠌ ᠮᠥᠩᠬᠡᠷᠡᠭᠰᠡᠨ ᠲᠡᠦᠬᠡ ᠮᠢᠨᠢ 
ᠠᠪᠤᠷᠭᠤ ᠳᠡᠯᠡᠬᠡᠢ ᠶ᠋ᠢᠨ ᠨᠢᠷᠤᠭᠤᠨ ᠳᠡᠭᠡᠷ᠎ᠡ ᠡᠵᠡᠨᠲᠦ ᠭᠦᠷᠦᠨ ᠢ᠋ᠶ᠋ᠡᠨ ᠴᠣᠭᠴᠠᠯᠠᠵᠤ 
ᠠᠯᠲᠠᠨ ᠫᠠᠢᠵᠠ ᠲᠠᠢ ᠵᠠᠷᠯᠢᠭ ᠢ᠋ᠶ᠋ᠠᠷ ᠲᠣᠢᠭᠲᠠᠨ ᠢ᠋ ᠰᠥᠭᠥᠳᠬᠡᠭᠰᠡᠨ ᠠᠯᠳᠠᠷ ᠮᠢᠨᠢ

ᠪᠤᠭᠤᠷᠤᠯ ᠠᠯᠲᠠᠢ ᠶ᠋ᠢᠨ ᠪᠠᠯ ᠳ᠋ᠤ᠌ ᠲᠠᠲᠠᠲᠤᠩᠭ᠎ᠠ ᠶ᠋ᠢᠨ ᠡᠪᠦᠷ ᠡᠴᠡ
ᠪᠤᠷᠬᠠᠨ ᠲᠩᠷᠢ ᠶ᠋ᠢᠨ ᠬᠠᠢᠷᠠᠯᠠᠭᠰᠠᠨ ᠠᠯᠲᠠᠨ ᠪᠠᠷᠢᠭᠤᠯ ᠲᠠᠢ ᠲᠠᠮᠠᠭ᠎ᠠ
ᠬᠠᠭᠠᠨ ᠴᠢᠩᠭᠢᠰ ᠦ᠋ᠨ ᠰᠣᠶᠣᠷᠬᠠᠯ ᠢ᠋ᠶ᠋ᠠᠷ ᠣᠷᠣᠢ ᠲᠡᠷᠢᠭᠦᠨ ᠳ᠋ᠦ᠍ ᠬᠦᠨᠳᠦᠯᠡᠭᠳᠡᠵᠦ
ᠬᠠᠮᠤᠭ ᠮᠣᠩᠭᠣᠯ ᠳ᠋ᠤ᠌ ᠲᠠᠷᠬᠠᠭᠰᠠᠨ ᠮᠥᠩᠬᠡ ᠨᠠᠰᠤᠲᠤ ᠬᠤᠳᠤᠮ

ᠴᠠᠰᠤᠲᠤ ᠶ᠋ᠢᠨ ᠣᠷᠣᠨ ᠤ᠋ ᠰᠤᠳᠤᠷ ᠠ᠋ᠴᠠ ᠫᠠᠭᠪᠠ ᠯᠠᠮᠠ ᠶ᠋ᠢᠨ ᠤᠯᠠᠷᠢᠭᠤᠯᠤᠭᠰᠠᠨ
ᠴᠠᠭᠠᠵᠠ ᠵᠠᠷᠯᠢᠭ ᠶᠠᠪᠤᠭᠤᠯᠤᠭᠴᠢ ᠶᠤᠸᠠᠨ ᠭᠦᠷᠦᠨ ᠦ᠌ ᠳᠥᠷᠪᠡᠯᠵᠢᠨ
ᠠᠷᠤ ᠡᠮᠦᠨ᠎ᠡ ᠶ᠋ᠢ ᠵᠠᠭᠠᠭᠯᠠᠭᠰᠠᠨ ᠴᠠᠭᠠᠨ ᠬᠡᠷᠡᠮ ᠦ᠋ᠨ ᠢᠷᠣᠭᠠᠷ ᠠ᠋ᠴᠠ
ᠠᠶᠤᠰᠢ ᠭᠦᠦᠰᠢ ᠶ᠋ᠢᠨ ᠵᠣᠬᠢᠶᠠᠭᠰᠠᠨ ᠬᠠᠷᠠᠴᠢᠨ ᠣᠪᠣᠭ ᠤ᠋ᠨ ᠠᠯᠢ ᠭᠠᠯᠢ

ᠵᠠᠬ᠎ᠠ ᠬᠥᠪᠡᠭᠡ ᠨᠢ ᠮᠠᠨᠠᠨᠲᠤᠭᠰᠠᠨ ᠬᠥᠬᠡ ᠨᠠᠭᠤᠷ ᠤ᠋ᠨ ᠬᠢᠵᠠᠭᠠᠷ ᠠ᠋ᠴᠠ
ᠵᠠᠶ᠎ᠠ ᠪᠠᠨᠳᠢᠳᠠ ᠶ᠋ᠢᠨ ᠲᠤᠭᠤᠷᠪᠢᠭᠰᠠᠨ ᠳᠥᠷᠪᠡᠨ ᠣᠢᠷᠠᠳ ᠤ᠋ᠨ ᠲᠣᠳᠣ
ᠥᠭᠯᠢᠭᠡ ᠪᠤᠶᠠᠨ ᠤ᠋ ᠰᠢᠳᠢ ᠶ᠋ᠢ ᠬᠠᠯᠬ᠎ᠠ ᠲᠤᠶᠠᠭᠠᠷ᠎ᠲᠤ ᠰᠠᠴᠤᠷᠠᠭᠤᠯᠤᠭᠰᠠᠨ
ᠥᠨᠳᠥᠷ ᠭᠡᠭᠡᠨ ᠵᠠᠨᠠᠪᠠᠽᠠᠷ ᠤ᠋ᠨ ᠨᠣᠮ ᠤ᠋ᠨ ᠭᠡᠷᠡᠯᠲᠦ ᠰᠣᠶᠣᠩᠪᠣ

ᠴᠡᠩᠬᠡᠷ ᠪᠠᠢᠭᠠᠯᠢ ᠶ᠋ᠢᠨ ᠪᠣᠷᠭᠢᠶᠠᠨ ᠠ᠋ᠴᠠ ᠤᠳᠬ᠎ᠠ ᠶ᠋ᠢᠨ ᠰᠢᠳᠢ ᠶ᠋ᠢ ᠣᠯᠵᠤ
ᠴᠡᠴᠡᠨ ᠮᠡᠷᠭᠡᠳ ᠦ᠋ᠨ ᠵᠣᠬᠢᠶᠠᠭᠰᠠᠨ ᠬᠣᠷᠢ ᠪᠤᠷᠢᠶᠠᠳ ᠤ᠋ᠨ ᠸᠠᠭᠢᠨᠳᠠᠷ᠎ᠠ
ᠬᠤᠪᠢᠰᠬᠠᠯᠲᠤ ᠮᠣᠩᠭᠣᠯ ᠤ᠋ᠨ ᠡᠷᠳᠡᠮᠲᠡᠨ ᠳᠠᠮᠳᠢᠨᠰᠦ᠋ᠷᠦᠩ ᠦ᠋ᠨ ᠴᠡᠭᠡᠵᠢᠨ ᠡᠴᠡ
ᠬᠣᠷᠢᠳᠤᠭᠠᠷ ᠵᠠᠭᠤᠨ ᠳ᠋ᠤ᠌ ᠮᠡᠨᠳᠦᠯᠡᠭᠰᠡᠨ ᠰᠸᠯᠸ ᠪᠢᠴᠢᠭ ᠦ᠋ᠨ ᠺᠢᠷᠢᠯ

ᠠᠭᠤᠳᠠᠮ ᠰᠠᠨᠰᠠᠷ ᠤ᠋ᠨ ᠭᠦᠨ ᠳ᠋ᠦ᠍ ᠡᠭᠡᠰᠢᠭ ᠨᠢ ᠴᠤᠤᠷᠢᠶᠠᠳᠠᠭᠰᠠᠨ ᠬᠡᠯᠡ ᠮᠢᠨᠢ
ᠤᠷᠠᠨ ᠰᠠᠨᠠᠭᠠᠨ ᠤ᠋ ᠣᠷᠴᠢᠯᠠᠩ ᠳ᠋ᠤ᠌ ᠴᠠᠴᠤᠯᠭ᠎ᠠ ᠨᠢ ᠨᠠᠮᠢᠷᠠᠭᠰᠠᠨ ᠪᠢᠴᠢᠭ ᠮᠢᠨᠢ
ᠤᠶᠠᠩᠭ᠎ᠠ ᠨᠠᠢᠷᠠᠭ ᠤ᠋ᠨ ᠶᠢᠷᠲᠢᠨᠴᠦ ᠳ᠋ᠦ᠍《 ᠭᠡᠰᠡᠷ》᠂《 ᠵᠠᠩᠭᠠᠷ》 ᠬᠠᠢᠯᠠᠭᠰᠠᠨ
ᠤᠳᠬ᠎ᠠ ᠭᠦᠢᠴᠡᠳ ᠠᠶᠠᠯᠭᠤ ᠲᠠᠢ ᠭᠠᠢᠬᠠᠮᠰᠢᠭᠲᠤ ᠮᠣᠩᠭᠣᠯ ᠬᠡᠯᠡ ᠮᠢᠨᠢ

ᠬᠣᠯᠠ ᠶ᠋ᠢᠨ ᠲᠡᠷᠲᠡᠭᠡᠬᠢ ᠡᠷᠢᠨ ᠡᠴᠡ ᠰᠢᠳᠤᠷᠭᠤ ᠠᠷᠠᠨᠰᠢᠨ ᠢ᠋ᠶ᠋ᠠᠷ ᠢ᠋ᠶ᠋ᠠᠨ᠂ ᠢᠯᠭᠠᠷᠠᠵᠤ
ᠬᠣᠷᠢᠨ ᠨᠢᠭᠡᠳᠦᠭᠡᠷ ᠵᠠᠭᠤᠨ ᠳ᠋ᠤ᠌ ᠮᠣᠷᠢ ᠲᠠᠢ ᠣᠷᠣᠭᠰᠠᠨ ᠵᠣᠷᠢᠭ ᠮᠢᠨᠢ
ᠬᠣᠷᠸ᠎ᠠ ᠶ᠋ᠢᠨ ᠰᠡᠭᠡᠷ ᠨᠢᠷᠤᠭᠤᠨ ᠳᠡᠭᠡᠷ᠎ᠡ ᠤᠷᠲᠤ ᠶ᠋ᠢᠨ ᠳᠠᠭᠤᠤ ᠪᠠᠨ ᠬᠠᠩᠭᠢᠨᠠᠭᠤᠯᠵᠤ
ᠬᠣᠵᠢᠮ ᠮᠠᠷᠭᠠᠰᠢ ᠬᠡᠵᠢᠶ᠎ᠡ ᠴᠦ᠍ ᠪᠣᠯᠤᠭᠰᠠᠨ ᠪᠣᠰᠤᠭ᠎ᠠ ᠪᠢᠴᠢᠭᠳᠡᠬᠦ ᠨᠡᠷ᠎ᠡ ᠮᠢᠨᠢ

ᠳᠣᠯᠣᠭᠠᠬᠠᠨ ᠡᠭᠡᠰᠢᠭ ᠡᠴᠡ ᠪᠦᠲᠦᠭᠰᠡᠨ ᠢᠷᠠᠭᠤ ᠰᠠᠢᠬᠠᠨ ᠬᠡᠯᠡ ᠪᠡᠨ
ᠳᠣᠯᠣᠭᠠᠬᠠᠨ ᠨᠣᠲ ᠢ᠋ᠶ᠋ᠠᠷ ᠪᠦᠲᠦᠳᠡᠭ ᠳᠠᠭᠤᠤ ᠪᠣᠯᠭᠠᠯ ᠦᠭᠡᠢ ᠶᠠᠭᠠᠬᠢᠬᠤᠪ
ᠳᠣᠯᠣᠭᠠᠬᠠᠨ ᠡᠬᠡᠰᠢᠭ ᠡᠴᠡ ᠬᠤᠪᠢᠯᠤᠭᠰᠠᠨ ᠪᠠᠶᠠᠯᠢᠭ ᠲᠠᠩᠰᠤᠭ ᠬᠡᠯᠡ ᠪᠡᠨ
ᠳᠣᠯᠣᠭᠠᠨ ᠳᠣᠯᠣᠭ᠎ᠠ ᠶ᠋ᠢᠨ ᠳᠥᠴᠢ ᠶᠢᠰᠦ ᠪᠦᠭᠦᠳᠡᠭᠡᠷ ᠳᠠᠭᠤᠯᠠᠯ ᠦᠭᠡᠢ ᠶᠠᠭᠠᠬᠢᠬᠤᠪ

ᠳᠣᠯᠣᠭᠠᠨ ᠳᠣᠯᠣᠭ᠎ᠠ ᠶ᠋ᠢᠨ ᠪᠡᠯᠭᠡᠳᠡᠯ ᠲᠡᠢ ᠠᠭᠤᠳᠠᠮ ᠮᠣᠩᠭᠣᠯ ᠨᠤᠲᠤᠭ ᠢ᠋ᠶ᠋ᠠᠨ
ᠳᠣᠯᠣᠭ᠎ᠠ ᠨᠠᠢ᠍ᠮᠠ ᠶ᠋ᠢᠨ ᠲᠠᠪᠢᠨ ᠵᠢᠷᠭᠤᠭ᠎ᠠ ᠭᠡᠵᠦ ᠭᠠᠭᠴᠠ ᠣᠷᠬᠢᠭᠠᠳ ᠶᠠᠭᠠᠬᠢᠬᠤᠪ
ᠳᠣᠯᠣᠭᠠᠨ ᠡᠬᠡᠰᠡᠭ ᠡᠴᠡ ᠬᠤᠪᠢᠯᠤᠭᠰᠠᠨ ᠲᠣᠭ᠎ᠠ ᠲᠣᠮᠰᠢ ᠦᠭᠡᠢ ᠦᠭᠡ ᠶ᠋ᠢ
ᠳᠣᠯᠣᠭᠠᠨ ᠵᠦᠢᠯ ᠢ᠋ᠶ᠋ᠡᠷ ᠪᠢᠴᠢᠳᠡᠭ ᠭᠠᠢᠬᠠᠮᠰᠢᠭ ᠢᠭᠲᠦᠯᠦᠯ ᠦᠭᠡᠢ ᠶᠠᠭᠠᠬᠢᠬᠤᠪ

ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠣᠳᠬᠠᠨᠰᠣ᠎ᠠ