ᠱᠣᠣ ᠨᠤᠲᠤᠭ -ᠨᠠᠷᠠᠩᠭᠤᠸ᠎ᠠШоо нутаг-Нарангоо
ᠱᠣᠣ ᠨᠤᠲᠤᠭ
ᠦᠭᠡ᠄ ᠴ· ᠣᠳᠽᠠᠷ
ᠠᠶ᠎ᠠ᠄ ᠷᠢ᠊· ᠰᠡᠴᠡᠨᠴᠣᠭᠲᠤ
ᠳᠠᠭᠤᠴᠢᠨ᠄ ᠨᠠᠷᠠᠩᠭᠤᠸ᠎ᠠ
ᠦᠷ ᠦ᠋ᠨ ᠰᠠᠯᠬᠢᠨ ᠳ᠋ᠤ᠌ ᠰᠦ ᠬᠠᠩᠬᠤᠯᠤᠭᠰᠠᠨ
ᠡᠵᠢ ᠶ᠋ᠢᠨ ᠠᠩᠭᠢᠷ ᠨᠤᠲᠤᠭ ᠮᠢᠨᠢ
ᠮᠢᠩᠭᠠᠨ ᠬᠣᠨᠢᠳ ᠢ᠋ᠶ᠋ᠠᠨ ᠬᠠᠷᠢᠭᠤᠯᠤᠨ ᠶᠠᠪᠤᠬᠤ ᠳ᠋ᠤ᠌
ᠢᠷᠠᠯᠵᠠᠨ ᠬᠠᠷᠠᠭᠳᠠᠭᠠᠳ ᠠᠭᠤᠳᠠᠮᠬᠠᠨ
ᠠᠢ ᠬᠦ ᠱᠣᠣ ᠨᠤᠲᠤᠭ
ᠠᠢ ᠬᠦ ᠱᠣᠣ ᠨᠤᠲᠤᠭ ᠮᠢᠨᠢ
ᠲᠣᠢᠭ ᠤ᠋ᠨ ᠭᠣᠣᠯ ᠤ᠋ᠨ ᠲᠤᠩᠭᠠᠯᠠᠭ ᠤᠰᠤᠨ ᠳ᠋ᠤ᠌
ᠲᠣᠭᠯᠠᠵᠤ ᠨᠠᠭᠠᠳᠤᠭᠰᠠᠨ ᠪᠠᠭ᠎ᠠ ᠶ᠋ᠢᠨ ᠳᠠᠭᠤ
ᠴᠠᠢᠳᠠᠮ ᠤ᠋ᠨ ᠲᠠᠯ᠎ᠠ ᠳ᠋ᠤ᠌ ᠰᠠᠷᠠᠨ ᠬᠣᠨᠣᠭᠯᠠᠬᠤ ᠳ᠋ᠤ᠌
ᠠᠯᠲᠠ ᠶ᠋ᠢᠨ ᠮᠠᠩᠬᠠᠨ ᠳ᠋ᠤ᠌ ᠲᠣᠰᠣ ᠬᠠᠯᠭᠢᠯᠠᠨ᠎ᠠ
ᠠᠭᠤᠳᠠᠮ ᠤ᠋ᠨ ᠬᠥᠨᠳᠡᠢ ᠳ᠋ᠦ᠍ ᠡᠬᠡᠰᠢᠭ ᠬᠤᠷᠠᠬᠤ ᠳ᠋ᠤ᠌
ᠠᠭᠠᠷ ᠤ᠋ᠨ ᠲᠩᠷᠢ ᠳ᠋ᠦ᠍ ᠰᠣᠯᠣᠩᠭ᠎ᠠ ᠲᠠᠲᠠᠨ᠎ᠠ
ᠠᠢ ᠬᠦ ᠱᠣᠣ ᠨᠤᠲᠤᠭ
ᠠᠢ ᠬᠦ ᠱᠣᠣ ᠨᠤᠲᠤᠭ ᠮᠢᠨᠢ
ᠥᠯᠵᠡᠢᠮᠥ᠋ᠷᠡᠨ ᠦ᠌ ᠵᠥᠭᠡᠯᠡᠨ ᠤᠷᠤᠰᠬᠠᠯ ᠳ᠋ᠠᠭᠠᠨ
ᠥᠰᠴᠦ ᠲᠣᠮᠣᠭᠠᠵᠢᠭᠰᠠᠨ ᠬᠠᠢᠷ᠎ᠠ ᠶ᠋ᠢᠨ ᠳᠠᠭᠤ
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
