ᠰᠢᠨ᠎ᠡ ᠮᠡᠨᠳᠦᠯᠡᠭᠰᠡᠨ ᠬᠡᠦᠬᠡᠳ ᠦ᠋ᠨ ᠢᠷᠦᠭᠡᠯShine mendelsen khüükhdiin yeröölШинэ мэндэлсэн хүүхдийн ерөөл ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠮᠡᠨᠳᠦᠯᠡᠭᠰᠡᠨ ᠬᠡᠦᠬᠡᠳ ᠦ᠋ᠨ ᠢᠷᠦᠭᠡᠯShine mendelsen khüükhdiin yeröölШинэ мэндэлсэн хүүхдийн ерөөл

ᠰᠢᠨ᠎ᠡ ᠮᠡᠨᠳᠦᠯᠡᠭᠰᠡᠨ ᠬᠡᠦᠬᠡᠳ ᠦ᠋ᠨ ᠢᠷᠦᠭᠡᠯShine mendelsen khüükhdiin yeröölШинэ мэндэлсэн хүүхдийн ерөөл

2026-03-31

328

ᠰᠢᠨ᠎ᠡ ᠮᠡᠨᠳᠦᠯᠡᠭᠰᠡᠨ ᠬᠡᠦᠬᠡᠳ ᠦ᠋ᠨ ᠢᠷᠦᠭᠡᠯ

     
   ᠢᠷᠦᠭᠡᠯᠴᠢ᠄ ᠪ· ᠣᠶᠤᠨᠬᠦᠦ( ᠮᠣᠩᠭᠣᠯ ᠤᠯᠤᠰ ᠤ᠋ᠨ ᠰᠣᠶᠣᠯ ᠲᠠᠮᠢᠷ ᠤ᠋ᠨ ᠠᠵᠢᠯᠲᠠᠨ) 

ᠵᠧ!  ᠡᠪᠦᠭᠡ ᠳᠡᠭᠡᠳᠦᠰ ᠦ᠋ᠨ ᠥᠷᠥᠰᠢᠶᠡᠯ ᠢ᠋ᠶ᠋ᠡᠷ 
ᠡᠮᠡᠭᠡ ᠳᠡᠭᠡᠳᠦᠰ ᠦ᠋ᠨ ᠡᠨᠡᠷᠢᠯ ᠢ᠋ᠶ᠋ᠡᠷ 
ᠦᠷ᠎ᠡ ᠲᠩᠷᠢ ᠶ᠋ᠢᠨ ᠢᠪᠡᠭᠡᠯ ᠢ᠋ᠶ᠋ᠡᠷ 
ᠠᠮᠢ ᠲᠩᠷᠢ ᠶ᠋ᠢᠨ ᠠᠴᠢᠯᠠᠯ ᠢ᠋ᠶ᠋ᠠᠷ  
ᠵᠠᠶᠠᠭ᠎ᠠ ᠲᠩᠷᠢ ᠶ᠋ᠢᠨ ᠵᠠᠷᠯᠢᠭ ᠢ᠋ᠶ᠋ᠠᠷ  
ᠽᠠᠮᠪᠤᠲᠢᠪ ᠤ᠋ᠨ ᠵᠠᠯᠠᠯᠭ᠎ᠠ ᠪᠠᠷ  
ᠭᠠᠯ ᠢ᠋ ᠲᠠᠨᠢ ᠵᠣᠷᠢᠵᠤ  
ᠪᠦᠯᠢ ᠶ᠋ᠢ ᠲᠠᠨᠢ ᠲᠦᠰᠢᠵᠦ   
ᠤᠳᠤᠮ ᠢ᠋ ᠲᠠᠨᠢ ᠪᠥᠭᠯᠡᠵᠦ  
ᠤᠷᠤᠭ ᠢ᠋ ᠲᠠᠨᠢ ᠲᠡᠳᠬᠦᠵᠦ 
ᠵᠠᠶᠠᠭᠠᠭᠰᠠᠨ  ᠪᠢᠴᠢᠬᠠᠨ ᠨᠤᠭᠤᠨ ᠦᠷ᠎ᠡ ᠶ᠋ᠢᠨ ᠲᠠᠨᠢ   
ᠪᠡᠶ᠎ᠡ ᠨᠢ ᠴᠢᠭᠢᠷᠠᠭ ᠪᠠᠢᠵᠤ  
ᠪᠢᠯᠢᠭ ᠨᠢ ᠰᠠᠷᠠᠭᠤᠯ ᠪᠠᠢᠵᠤ   
ᠬᠥᠯ ᠨᠢ ᠰᠢᠷᠣᠢ ᠭᠢᠰᠬᠢᠵᠦ   
ᠭᠠᠷ ᠨᠢ ᠭᠠᠨᠵᠤᠭ᠎ᠠ ᠠᠳᠬᠤᠵᠤ  
ᠡᠷᠡᠭᠦᠯ ᠰᠠᠷᠠᠭᠤᠯ ᠥᠰᠴᠦ  
ᠡᠷ᠎ᠡ ᠶ᠋ᠢᠨ ᠴᠡᠭᠡᠨ ᠳ᠋ᠦ᠍ ᠬᠦᠷᠴᠦ  
ᠡᠬᠡ ᠡᠴᠢᠭᠡ ᠳ᠋ᠡᠭᠡᠨ ᠬᠡᠰᠢᠭ ᠲᠡᠢ ᠦᠷᠡᠨ ᠪᠣᠯᠲᠤᠭᠠᠢ!  
ᠡᠯᠢᠭᠡᠨ ᠰᠠᠳᠤᠨ ᠳ᠋ᠠᠭᠠᠨ   ᠲᠦᠰᠢᠭ ᠲᠡᠢ ᠦᠷᠡᠨ ᠪᠣᠯᠲᠤᠭᠠᠢ! 
ᠡᠭᠡᠯ ᠠᠷᠠᠳ ᠲᠠᠭᠠᠨ ᠡᠨᠡᠷᠢᠯ ᠲᠡᠢ ᠦᠷᠡᠨ ᠪᠣᠯᠲᠤᠭᠠᠢ! 
ᠡᠬᠡ ᠳᠡᠯᠡᠬᠡᠢ ᠳ᠋ᠡᠭᠡᠨ ᠡᠭᠡᠯᠢ ᠲᠡᠢ ᠦᠷᠡᠨ ᠪᠣᠯᠲᠤᠭᠠᠢ!   
ᠬᠤᠷᠤᠢ! ᠬᠤᠷᠤᠢ! ᠬᠤᠷᠤᠢ!     
ᠵᠧ!   ᠬᠠᠨᠠᠲᠤ ᠭᠡᠷ ᠢ᠋ ᠲᠠᠨᠢ ᠭᠡᠢᠭᠦᠯᠦᠭᠡᠳ  
ᠬᠠᠯᠠᠭᠤᠨ ᠡᠩᠭᠡᠷ ᠢ᠋ ᠲᠠᠨᠢ ᠢᠪᠢᠯᠭᠡᠭᠡᠳ  
ᠪᠠᠶᠠᠷ ᠵᠢᠷᠭᠠᠯ ᠪᠢᠯᠬᠠᠭᠤᠯᠤᠭᠠᠳ  
ᠪᠠᠭᠲᠠᠭᠠᠳ ᠣᠷᠣᠭᠠᠳ ᠢᠷᠡᠭᠰᠡᠨ  ᠣᠯᠳᠠᠰᠢ ᠦᠭᠡᠢ 
ᠣᠨᠴᠠᠭᠠᠢ ᠡᠷᠳᠡᠨᠢ  ᠣᠯᠵᠠ ᠶ᠋ᠢᠨ ᠲᠠᠨᠢ   
ᠣᠭᠣᠰᠣᠷ ᠨᠢ ᠪᠥᠬᠡ ᠪᠣᠯᠵᠤ  
ᠣᠯᠪᠣᠭ ᠨᠢ ᠵᠤᠵᠠᠭᠠᠨ ᠪᠠᠢᠵᠤ  
ᠣᠷᠢᠶᠠᠬᠤ ᠡᠭᠡᠷᠡᠬᠦ ᠰᠢᠯᠲᠠᠭ ᠦᠭᠡᠢ  
ᠣᠷᠴᠢᠯᠠᠩ ᠤ᠋ᠨ ᠵᠢᠷᠭᠠᠯ ᠳ᠋ᠤ᠌ ᠪᠠᠭᠲᠠᠵᠤ  
ᠠᠴᠢᠷᠬᠠᠵᠤ ᠠᠶᠤᠯᠭᠠᠯ ᠥᠬᠡᠢ  
ᠠᠮᠤᠷ ᠲᠠᠢᠪᠤᠩ ᠥᠰᠴᠦ  
ᠠᠷᠤ ᠳ᠋ᠠᠭᠠᠨ ᠣᠯᠠᠨ ᠳᠡᠭᠦᠦ ᠳᠠᠭᠠᠭᠤᠯᠵᠤ  
ᠠᠮᠢ ᠨᠠᠰᠤᠨ ᠨᠢ ᠪᠠᠲᠤ ᠣᠷᠣᠰᠢᠵᠤ  
ᠠᠪᠤ ᠡᠵᠢ ᠳ᠋ᠡᠭᠡᠨ   ᠠᠴᠢᠯᠠᠯ ᠲᠠᠢ ᠦᠷᠡᠨ ᠪᠣᠯᠲᠤᠭᠠᠢ!  
ᠠᠪᠠᠭ᠎ᠠ ᠨᠠᠭᠠᠴᠤ ᠳ᠋ᠠᠭᠠᠨ ᠲᠦᠰᠢᠭ ᠲᠡᠢ ᠦᠷᠡᠨ ᠪᠣᠯᠲᠤᠭᠠᠢ!  
ᠠᠷᠠᠳ ᠣᠯᠠᠨ ᠳ᠋ᠠᠭᠠᠨ ᠠᠪᠤᠷᠠᠯ ᠲᠠᠢ ᠦᠷᠡᠨ ᠪᠣᠯᠲᠤᠭᠠᠢ!  
ᠠᠯᠲᠠᠨ ᠳᠡᠯᠡᠬᠡᠢ ᠳ᠋ᠡᠭᠡᠨ ᠢᠷᠦᠭᠡᠯ ᠲᠡᠢ ᠦᠷᠡᠨ ᠪᠣᠯᠲᠤᠭᠠᠢ!  ᠬᠤᠷᠤᠢ! ᠬᠤᠷᠤᠢ! ᠬᠤᠷᠤᠢ!   
ᠵᠧ!   ᠬᠦᠴᠦᠲᠡᠢ ᠦᠷᠡᠨ ᠪᠣᠯᠤᠭᠠᠳ  
ᠬᠥᠮᠦᠨ ᠲᠥᠷᠥᠯ ᠢ᠋ ᠣᠯᠵᠠᠢ
ᠬᠦᠰᠡᠯ ᠲᠡᠢ ᠦᠷᠡᠨ ᠪᠣᠯᠤᠭᠠᠳ  
ᠬᠡᠦᠬᠡᠨ ᠪᠡᠶ᠎ᠡ ᠶ᠋ᠢ ᠲᠠᠨᠢ ᠬᠤᠪᠢᠶᠠᠵᠠᠢ  
ᠲᠡᠩᠬᠡᠭᠡ ᠲᠡᠢ ᠦᠷᠡᠨ ᠪᠣᠯᠤᠭᠠᠳ  
ᠲᠡᠨᠢᠭᠦᠨ ᠮᠣᠩᠭᠣᠯ ᠳ᠋ᠠᠭᠠᠨ ᠡᠷᠭᠢᠵᠡᠢ  
ᠲᠡᠮᠳᠡᠭ ᠲᠡᠢ ᠦᠷᠡᠨ ᠪᠣᠯᠤᠭᠠᠳ  
ᠲᠩᠷᠢ ᠵᠠᠶᠠᠭ᠎ᠠ ᠶ᠋ᠢ ᠥᠷᠲᠡᠭᠡᠯᠡᠵᠡᠢ  
ᠮᠠᠩᠨᠠᠢ ᠳᠡᠭᠡᠷ᠎ᠡ ᠨᠢ ᠮᠠᠨᠳᠤᠬᠤ ᠨᠠᠷᠠᠨ ᠤ᠋ ᠭᠡᠷᠡᠯ ᠰᠠᠴᠤᠷᠠᠭᠰᠠᠨ  
ᠲᠡᠷᠢᠭᠦᠨ ᠳᠡᠭᠡᠷ᠎ᠡ ᠨᠢ ᠲᠡᠷᠭᠡᠯ ᠰᠠᠷᠠᠨ ᠤ᠋ ᠭᠡᠷᠡᠯ ᠭᠡᠢᠭᠰᠡᠨ  
ᠣᠷᠣᠢ ᠳᠡᠭᠡᠷ᠎ᠡ ᠨᠢ ᠣᠳᠣ ᠮᠥᠴᠢᠳ ᠭᠡᠷᠡᠯ ᠲᠤᠶᠠᠭᠠᠷᠠᠭᠰᠠᠨ  
ᠵᠤᠯᠠᠢ ᠳᠡᠭᠡᠷ᠎ᠡ ᠨᠢ ᠵᠤᠯᠠ ᠶ᠋ᠢᠨ ᠭᠡᠷᠡᠯ ᠪᠠᠳᠮᠠᠯᠠᠭᠰᠠᠨ  
ᠨᠢᠳᠦᠨ ᠳ᠋ᠡᠭᠡᠨ ᠭᠠᠯ ᠲᠠᠢ  
ᠨᠢᠭᠤᠷ ᠲᠠᠭᠠᠨ ᠴᠣᠭ ᠲᠠᠢ  
ᠰᠦᠨᠡᠰᠦᠨ ᠳ᠋ᠡᠭᠡᠨ ᠬᠦᠴᠦᠲᠡᠢ  
ᠰᠦᠯᠲᠠᠨ ᠳ᠋ᠠᠭᠠᠨ ᠲᠤᠭ ᠲᠠᠢ  
ᠭᠠᠷᠤᠭᠰᠠᠨ ᠡᠳᠦᠷ ᠦ᠋ᠨ ᠭᠠᠷᠠᠭ ᠨᠢ  
ᠭᠠᠯ ᠭᠣᠯᠣᠮᠲᠠ ᠪᠠᠨ ᠡᠷᠭᠦᠬᠦ ᠬᠤᠪᠢ ᠲᠠᠢ  
ᠲᠥᠷᠥᠭᠰᠡᠨ ᠡᠳᠦᠷ ᠦ᠋ᠨ ᠲᠥᠭᠡᠷᠭᠡ ᠨᠢ  
ᠲᠥᠷᠥ ᠤᠯᠤᠰ ᠢ᠋ᠶ᠋ᠠᠨ ᠲᠦᠪᠰᠢᠳᠬᠡᠬᠦ ᠵᠠᠶᠠᠭ᠎ᠠ ᠲᠠᠢ  
ᠪᠠᠶᠠᠯᠢᠭ ᠶᠡᠬᠡ ᠡᠷᠳᠡᠨᠢ ᠶ᠋ᠢᠨ ᠬᠡᠰᠢᠭ ᠲᠡᠢ  
ᠪᠠᠭᠰᠢᠷᠠᠭᠰᠠᠨ ᠶᠡᠬᠡ ᠰᠦᠷᠦᠭ ᠦ᠋ᠨ ᠬᠡᠰᠢᠭ ᠲᠡᠢ  
ᠰᠤᠳᠤᠷ ᠶᠡᠬᠡ ᠨᠣᠮ ᠤ᠋ᠨ ᠬᠡᠰᠢᠭ ᠲᠡᠢ  
ᠰᠤᠤ ᠶᠡᠬᠡ ᠡᠷᠳᠡᠮ ᠦ᠋ᠨ ᠬᠡᠰᠢᠭ ᠲᠡᠢ  
ᠰᠠᠷᠠᠨ ᠤ᠋ ᠭᠡᠷᠡᠯ ᠢ᠋ᠶ᠋ᠡᠷ ᠭᠡᠢᠭᠰᠡᠨ  
ᠰᠠᠷᠠᠭᠤᠯ ᠰᠠᠢᠬᠠᠨ ᠵᠢᠰᠦ ᠲᠡᠢ  
ᠨᠠᠷᠠᠨ ᠤ᠋ ᠭᠡᠷᠡᠯ ᠢ᠋ᠶ᠋ᠡᠷ ᠰᠠᠴᠤᠷᠠᠭᠰᠠᠨ  
ᠨᠠᠷᠢᠨ ᠰᠠᠢᠬᠠᠨ ᠤᠬᠠᠭᠠᠨ ᠲᠠᠢ  
ᠣᠳᠣ ᠶ᠋ᠢᠨ ᠭᠡᠷᠡᠯ ᠢ᠋ᠶ᠋ᠡᠷ ᠲᠦᠭᠡᠭᠰᠡᠨ  
ᠣᠨᠴᠠ ᠮᠡᠷᠭᠡᠨ ᠣᠶᠤᠨ ᠲᠠᠢ  
ᠭᠠᠯ ᠤ᠋ᠨ ᠭᠡᠷᠡᠯ ᠢ᠋ᠶ᠋ᠡᠷ ᠪᠠᠳᠠᠷᠠᠭᠰᠠᠨ  
ᠭᠠᠯ ᠬᠠᠯᠠᠭᠤᠨ ᠵᠢᠷᠦᠬᠡ ᠲᠡᠢ  
ᠡᠨᠡ ᠴᠠᠭ ᠤ᠋ᠨ ᠡᠵᠡᠨ ᠪᠠᠢᠬᠤ  
ᠡᠩᠬᠡ ᠴᠠᠭ ᠤ᠋ᠨ ᠪᠠᠭᠠᠲᠤᠷ ᠪᠠᠢᠬᠤ  
ᠥᠨᠳᠥᠷ ᠵᠠᠶᠠᠭᠠᠲᠠᠢ ᠦᠷ᠎ᠡ ᠨᠢ  
ᠥᠷᠭᠥᠭᠡ ᠭᠡᠷ ᠲᠦ᠍ ᠲᠠᠨᠢ ᠵᠠᠯᠠᠷᠠᠵᠠᠢ
ᠬᠠᠭᠠᠨ ᠵᠠᠶᠠᠭ᠎ᠠ ᠲᠠᠢ ᠦᠷ᠎ᠡ ᠨᠢ  
ᠬᠠᠯᠠᠭᠤᠨ ᠭᠣᠯᠣᠮᠲᠠ ᠳ᠋ᠤ᠌ ᠲᠠᠨᠢ ᠮᠡᠨᠳᠦᠯᠡᠵᠡᠢ  
ᠳᠡᠭᠡᠳᠦ ᠵᠠᠶᠠᠭᠠᠲᠤ ᠦᠷ᠎ᠡ ᠨᠢ  
ᠳᠡᠯᠭᠡᠷ ᠮᠣᠩᠭᠣᠯ ᠳ᠋ᠠᠭᠠᠨ ᠡᠷᠭᠢᠵᠡᠢ  
ᠪᠠᠭᠠᠲᠤᠷ ᠵᠠᠶᠠᠭᠠᠲᠤ ᠦᠷ᠎ᠡ ᠨᠢ  
ᠪᠠᠷᠠᠭᠤᠨ ᠠᠯᠲᠠᠢ ᠳ᠋ᠠᠭᠠᠨ ᠮᠣᠷᠢᠯᠠᠵᠠᠢ  
ᠤᠨᠠᠭᠰᠠᠨ ᠭᠠᠵᠠᠷ ᠤ᠋ᠨ   ᠷᠠᠰᠢᠶᠠᠨ ᠤᠰᠤ ᠪᠠᠷ  ᠠᠷᠢᠭᠤᠰᠬᠠᠭᠠᠳ 
ᠤᠭᠤᠷᠠᠭ ᠰᠡᠭᠦᠯᠲᠦ ᠬᠣᠨᠢᠨ ᠤ᠋  
ᠭᠤᠷᠪᠠᠨ ᠰᠢᠮᠡᠳᠦ ᠶ᠋ᠢᠨ ᠱᠥᠯᠥ ᠪᠡᠷ ᠤᠬᠢᠶᠠᠭᠠᠳ  
ᠪᠠᠷᠠᠭᠤᠨ ᠴᠢᠬᠢᠨ ᠳ᠋ᠦ᠍ᠨᠢ  ᠳᠠᠭᠤᠳᠠᠬᠤ ᠠᠯᠳᠠᠷ ᠢ᠋ ᠨᠢ ᠰᠣᠨᠣᠷᠳᠠᠭᠤᠯᠤᠭᠠᠳ  
ᠪᠠᠬᠠᠲᠠᠢ ᠰᠠᠢᠬᠠᠨ ᠤᠴᠠᠷᠠᠯ ᠳᠣᠣᠷ᠎ᠠ  
ᠰᠢᠨ᠎ᠡ ᠬᠥᠮᠦᠨ ᠦ᠌ ᠪᠡᠨ ᠬᠦᠨᠳᠦᠯᠡᠨ ᠵᠠᠯᠠᠶ᠎ᠠ!  
ᠬᠤᠷᠤᠢ! ᠬᠤᠷᠤᠢ! ᠬᠤᠷᠤᠢ!   
ᠵᠧ!   ᠤᠬᠠᠭᠠᠨᠲᠤ ᠮᠡᠷᠭᠡᠳ ᠦ᠋ᠨ ᠦᠷᠡᠨ ᠪᠣᠯᠬᠣᠷ  
ᠤᠳᠤᠮ ᠵᠠᠯᠭᠠᠭᠰᠠᠨ ᠦᠷᠭᠦᠯᠵᠢᠯᠡᠯ ᠪᠣᠯᠬᠣᠷ  
ᠤᠯᠠᠭᠠᠨ ᠭᠠᠯ ᠳ᠋ᠤᠨᠢ ᠥᠯᠵᠡᠢ ᠨᠡᠮᠡᠶ᠎ᠡ!  
ᠤᠭ ᠤ᠋ᠨ ᠶᠡᠬᠡ ᠴᠢᠳᠠᠯ ᠢ᠋ ᠨᠢ ᠲᠡᠳᠬᠦᠶ᠎ᠡ!  
ᠮᠣᠷᠢᠲᠠᠨ ᠲᠦᠮᠡᠨ ᠦ᠌ ᠦᠷᠡᠨ ᠪᠣᠯᠬᠣᠷ  
ᠮᠣᠬᠣᠰᠢ ᠦᠭᠡᠢ ᠵᠣᠷᠢᠭᠲᠠᠨ ᠤ᠋ ᠦᠷᠭᠦᠯᠵᠢᠯᠡᠯ ᠪᠣᠯᠬᠣᠷ  
ᠵᠠᠳᠠᠭᠠᠢ ᠭᠠᠯ ᠳ᠋ᠤ᠌ ᠵᠣᠷᠢᠭ ᠢ᠋ ᠨᠢ ᠨᠡᠮᠡᠶ᠎ᠡ!  
ᠵᠠᠶᠠᠭᠠᠨ ᠳ᠋ᠤ᠌ ᠪᠠᠨ ᠡᠵᠡᠨ ᠰᠠᠭᠤᠬᠤ  ᠵᠠᠮ ᠢ᠋ ᠨᠢ ᠲᠡᠳᠬᠦᠶ᠎ᠡ!  
ᠠᠭᠤᠤ ᠳᠡᠭᠡᠳᠦᠰ ᠦ᠋ᠨ ᠦᠷᠡᠨ ᠪᠣᠯᠬᠣᠷ  
ᠠᠯᠲᠠᠨ ᠤᠳᠤᠮ ᠤ᠋ᠨ ᠦᠷᠭᠦᠯᠵᠢᠯᠡᠯ ᠪᠣᠯᠬᠣᠷ  
ᠢᠯᠡ ᠭᠠᠯ ᠳ᠋ᠤ᠌ ᠡᠷᠴᠢᠮ ᠢ᠋ ᠨᠢ ᠨᠡᠮᠡᠶ᠎ᠡ!  
ᠶᠡᠬᠡ ᠬᠡᠷᠡᠭ ᠢ᠋ ᠪᠦᠲᠦᠭᠡᠬᠦ ᠡᠷᠳᠡᠮ ᠢ᠋ ᠨᠢ ᠲᠡᠳᠬᠦᠶ᠎ᠡ!  
ᠬᠤᠷᠤᠢ! ᠬᠤᠷᠤᠢ! ᠬᠤᠷᠤᠢ!   
ᠵᠧ!  ᠳᠡᠯᠡᠬᠡᠢ ᠳ᠋ᠦ᠍ ᠶᠡᠷᠦ ᠨᠢ ᠭᠠᠭᠴᠠᠭᠠᠷ ᠢ᠋ᠶ᠋ᠠᠨ ᠢᠷᠡᠭᠰᠡᠨ ᠦᠭᠡᠢ
ᠳᠡᠭᠡᠳᠦ ᠶᠡᠬᠡ ᠲᠩᠷᠢ ᠨᠢ ᠲᠦᠰᠢᠵᠦ ᠢᠷᠡᠯ᠎ᠡ  
ᠳᠡᠷᠭᠡᠳᠡ ᠶ᠋ᠢᠨ ᠶᠡᠬᠡ ᠰᠠᠬᠢᠭᠤᠰᠤ ᠨᠢ ᠳᠠᠮᠨᠠᠵᠤ ᠢᠷᠡᠯ᠎ᠡ   
ᠳᠡᠪᠵᠢᠶᠡᠲᠦ  ᠨᠠᠢ᠍ᠮᠠᠨ ᠯᠤᠤᠰ ᠨᠢ ᠲᠡᠳᠬᠦᠵᠦ ᠢᠷᠡᠯ᠎ᠡ  
ᠬᠠᠷ᠎ᠠ ᠴᠠᠭᠠᠨ ᠲᠩᠷᠢ ᠨᠢ ᠬᠠᠮᠠᠭᠠᠯᠠᠵᠤ ᠢᠷᠡᠯ᠎ᠡ  
ᠬᠠᠷᠠᠭᠰᠠᠨ ᠵᠢᠭᠠᠭᠰᠠᠨ ᠲᠩᠷᠢ ᠨᠢ  
ᠬᠠᠵᠠᠭᠤ ᠠ᠋ᠴᠠ ᠨᠢ ᠮᠠᠨᠠᠵᠤ ᠢᠷᠡᠯ᠎ᠡ  
ᠭᠠᠯ ᠤ᠋ᠨ ᠲᠩᠷᠢ ᠪᠡᠷ ᠲᠣᠰᠣᠭᠣᠯᠵᠣ ᠢᠷᠡᠯ᠎ᠡ  
ᠭᠠᠨᠵᠤᠭ᠎ᠠ ᠬᠡᠰᠢᠭ ᠳᠦᠭᠦᠷᠡᠩ ᠢᠷᠡᠯ᠎ᠡ  
ᠬᠤᠪᠢᠯᠭᠠᠨ ᠲᠩᠷᠢ ᠪᠡᠷ ᠬᠦᠷᠢᠶᠡᠯᠡᠭᠦᠯᠵᠦ ᠢᠷᠡᠯ᠎ᠡ  
ᠬᠤᠪᠢ ᠬᠡᠰᠢᠭ ᠳᠦᠭᠦᠷᠡᠩ ᠢᠷᠡᠯ᠎ᠡ  
ᠬᠣᠲᠠ ᠬᠣᠲᠠ ᠪᠠᠨ ᠳᠦᠭᠦᠷᠭᠡᠬᠦ  
ᠬᠣᠰᠢᠭᠤ ᠮᠠᠯ ᠨᠢ ᠳᠠᠭᠠᠵᠤ ᠢᠷᠡᠯ᠎ᠡ  
ᠬᠣᠯᠠ ᠶ᠋ᠢᠨ ᠭᠠᠵᠠᠷ ᠢ᠋ ᠲᠣᠪᠴᠢᠯᠠᠬᠤ  
ᠬᠤᠷᠳᠤᠨ ᠬᠦᠯᠦᠭ ᠨᠢ ᠳᠠᠪᠬᠢᠵᠤ ᠢᠷᠡᠯ᠎ᠡ  
ᠠᠪᠳᠠᠷ᠎ᠠ ᠠᠪᠳᠠᠷ᠎ᠠ ᠪᠠᠷ  ᠠᠯᠲᠠ ᠡᠷᠳᠡᠨᠢᠰ ᠢ᠋ᠶ᠋ᠡᠨ ᠠᠴᠢᠭᠠᠳ ᠢᠷᠡᠯ᠎ᠡ 
ᠠᠷᠪᠢᠨ ᠶᠡᠬᠡ ᠬᠤᠪᠢ ᠬᠡᠰᠢᠭ ᠢ᠋ᠶ᠋ᠡᠨ ᠠᠪᠤᠭᠠᠳ ᠢᠷᠡᠯ᠎ᠡ  
ᠬᠤᠷᠤᠢ! ᠬᠤᠷᠤᠢ! ᠬᠤᠷᠤᠢ!   
ᠵᠧ!  ᠢᠯᠠᠭᠤᠯᠤᠭᠰᠠᠨ ᠪᠠᠭᠠᠲᠤᠷ ᠤ᠋ᠨ ᠰᠦᠷ ᠲᠡᠢ  
ᠢᠵᠠᠭᠤᠷ ᠤ᠋ᠨ ᠰᠦᠯᠳᠡ ᠲᠡᠢ  
ᠠᠷᠪᠠᠨ ᠵᠦᠭ ᠲᠡᠭᠡᠨ ᠢᠪᠡᠭᠡᠯ ᠲᠡᠢ  
ᠠᠯᠲᠠᠨ ᠳᠡᠯᠡᠬᠡᠢ ᠳ᠋ᠡᠭᠡᠨ ᠢᠷᠦᠭᠡᠯ ᠲᠡᠢ  
ᠬᠤᠪᠢ ᠲᠠᠢ ᠰᠠᠢᠬᠠᠨ ᠦᠷ᠎ᠡ ᠪᠡᠨ   
ᠬᠤᠷᠤᠢᠯᠠᠨ ᠲᠣᠰᠤᠭᠠᠳ ᠠᠪᠴᠠᠭᠠᠶ᠎ᠠ!  
ᠤᠴᠢᠷ ᠲᠠᠢ ᠰᠠᠢᠬᠠᠨ ᠦᠷ᠎ᠡ ᠪᠡᠨ   
ᠤᠤᠬᠠᠢᠯᠠᠨ ᠲᠣᠰᠤᠭᠠᠳ ᠤᠭᠲᠤᠵᠠᠭᠠᠶ᠎ᠠ!  
ᠭᠠᠯ ᠭᠣᠯᠣᠮᠲᠠ ᠳ᠋ᠠᠭᠠᠨ ᠲᠠᠪᠠᠲᠠᠢ ᠮᠣᠷᠢᠯᠠᠭᠲᠤᠨ!  
ᠭᠠᠵᠠᠷ ᠰᠢᠷᠣᠢ ᠪᠠᠨ ᠬᠠᠮᠠᠭᠠᠯᠠᠬᠤ ᠭᠠᠪᠢᠶᠠᠲᠠᠨ ᠪᠣᠯᠲᠤᠭᠠᠢ!  
ᠤᠳᠤᠮ ᠤᠭᠰᠠᠭᠠᠨ ᠳ᠋ᠠᠭᠠᠨ ᠲᠠᠪᠠᠲᠠᠢ ᠮᠣᠷᠢᠯᠠᠭᠲᠤᠨ!  
ᠠᠭᠤᠯᠠ ᠤᠰᠤ ᠪᠠᠨ ᠲᠡᠳᠬᠦᠬᠦ ᠤᠪᠠᠳᠢᠰᠲᠠᠨ ᠪᠣᠯᠲᠤᠭᠠᠢ!  
ᠠᠯᠲᠠᠢ ᠨᠤᠲᠤᠭ ᠲᠠᠭᠠᠨ ᠲᠠᠪᠠᠲᠠᠢ ᠮᠣᠷᠢᠯᠠᠭᠲᠤᠨ!  
ᠠᠷᠠᠳ ᠲᠦᠮᠡᠨ ᠢ᠋ᠶ᠋ᠡᠨ ᠠᠮᠤᠷᠵᠢᠭᠤᠯᠬᠤ  ᠠᠴᠢᠲᠠᠨ ᠪᠣᠯᠲᠤᠭᠠᠢ!
ᠬᠥᠷᠥᠰᠥᠲᠦ ᠳᠡᠯᠡᠬᠡᠢ ᠳ᠋ᠡᠭᠡᠨ ᠲᠠᠪᠠᠲᠠᠢ ᠮᠣᠷᠢᠯᠠᠭᠲᠤᠨ!  
ᠬᠥᠬᠡ ᠮᠣᠩᠭᠣᠯ ᠢ᠋ᠶ᠋ᠠᠨ ᠮᠠᠨᠳᠤᠭᠤᠯᠬᠤ ᠬᠦᠴᠦᠲᠡᠨ ᠪᠣᠯᠲᠤᠭᠠᠢ! 
ᠬᠤᠷᠤᠢ! ᠬᠤᠷᠤᠢ! ᠬᠤᠷᠤᠢ!    
ᠵᠧ!  ᠦᠭᠡ ᠭᠡᠳᠡᠭ ᠨᠢ ᠬᠦᠴᠦᠲᠡᠢ ᠪᠢᠯᠡ  
ᠦᠢᠯᠡ ᠪᠦᠲᠦᠭᠡᠬᠦ ᠰᠢᠳᠢ ᠲᠡᠢ ᠪᠢᠯᠡ  
ᠢᠷᠦᠭᠡᠯ ᠪᠦᠬᠦᠨ ᠨᠢ ᠠᠮᠢ ᠲᠠᠢ ᠪᠢᠯᠡ  
ᠶᠢᠷᠲᠢᠨᠴᠦ ᠶ᠋ᠢ ᠤᠶᠠᠷᠠᠭᠠᠬᠤ ᠤᠪᠠᠳᠢᠰ ᠲᠠᠢ ᠪᠢᠯᠡ  
ᠠᠷᠭᠠᠲᠤ ᠦᠨᠡᠭᠡᠨ ᠰᠠᠬᠢᠭᠤᠰᠤ ᠪᠠᠷ  
ᠠᠮᠤᠭᠤᠯᠠᠩ ᠨᠣᠢᠷ ᠢ᠋ ᠨᠢ ᠥᠯᠥᠭᠡᠢᠳᠡᠶ᠎ᠡ!  
ᠠᠮᠠᠨ ᠤ᠋ ᠰᠠᠢᠬᠠᠨ ᠪᠡᠯᠭᠡ ᠪᠡᠷ  
ᠠᠰᠢᠳᠠ ᠶ᠋ᠢᠨ ᠵᠠᠶᠠᠭ᠎ᠠ ᠶ᠋ᠢ ᠨᠢ ᠮᠢᠯᠢᠶᠠᠶ᠎ᠠ!  
ᠪᠣᠷᠪᠢ ᠶ᠋ᠢᠨ ᠱᠥᠯᠦᠨ ᠳ᠋ᠡᠭᠡᠨ  ᠪᠣᠢᠵᠢᠵᠤ ᠦᠰᠲᠦᠭᠡᠢ!  
ᠪᠣᠯᠤᠭᠰᠠᠨ ᠢᠳᠡᠭᠡᠨ ᠳ᠋ᠡᠭᠡᠨ  ᠪᠣᠰᠴᠤ ᠥᠨᠳᠡᠢᠲᠦᠭᠡᠢ!  
ᠴᠡᠪᠡᠷ ᠠᠭᠠᠷ ᠲᠠᠭᠠᠨ  ᠴᠡᠩᠭᠡᠵᠦ ᠥᠰᠲᠦᠭᠡᠢ!  
ᠴᠠᠭᠠᠨ ᠢᠳᠡᠭᠡᠨ ᠳ᠋ᠡᠭᠡᠨ  ᠴᠠᠳᠴᠤ ᠲᠣᠷᠨᠢᠲᠤᠭᠠᠢ!  
ᠰᠢᠷ᠎ᠠ ᠲᠣᠰᠣ ᠪᠠᠷ ᠪᠢᠯᠬᠠᠵᠤ  
ᠰᠢᠷᠭᠠᠯ ᠴᠠᠢ ᠪᠠᠷ ᠴᠠᠯᠭᠢᠵᠤ ᠦᠰᠭᠡ!  
ᠥᠷᠥᠮ᠎ᠡ ᠲᠣᠰᠣ ᠪᠠᠷ ᠪᠢᠯᠬᠠᠵᠤ ᠦᠰᠭᠡ!  
ᠥᠳᠬᠡᠨ ᠴᠠᠢ ᠪᠠᠷ ᠬᠠᠯᠭᠢᠵᠤ ᠦᠰᠭᠡ!  
ᠲᠣᠭᠣᠨᠣᠲᠤ ᠭᠡᠷ ᠲᠦ᠍ ᠭᠠᠯ ᠨᠢ ᠪᠡᠶᠡᠰᠴᠦ  
ᠲᠣᠰᠣᠲᠠᠢ ᠲᠣᠭᠣᠭᠠᠨ ᠳ᠋ᠤ᠌ ᠬᠣᠳᠣᠭᠣᠳᠣ ᠨᠢ ᠬᠠᠭᠠᠷᠠᠵᠤ  
ᠵᠣᠭᠣᠭ ᠢᠳᠡᠭᠡ ᠪᠡᠷ ᠢ᠋ᠶ᠋ᠡᠨ  ᠪᠢᠯᠬᠠᠭᠠᠳ  
ᠵᠣᠯ ᠳᠦᠭᠦᠷᠡᠩ ᠥᠰᠬᠡᠭᠡᠳ  
ᠵᠣᠪᠠᠯᠠᠩ ᠦᠷᠭᠦᠭᠡᠭᠰᠡᠨ ᠠᠯᠲᠠᠢ ᠳ᠋ᠠᠭᠠᠨ  
ᠵᠢᠷᠭᠠᠯ ᠳᠦᠭᠦᠷᠡᠩ ᠥᠨᠳᠡᠢᠭᠡᠷᠡᠢ!  
ᠥᠯᠵᠡᠢ ᠲᠡᠢ ᠰᠠᠢᠬᠠᠨ ᠦᠷ᠎ᠡ ᠶ᠋ᠢᠨ ᠲᠠᠨᠢ  
ᠥᠯᠮᠡᠢ ᠨᠢ ᠪᠠᠲᠤ ᠮᠡᠯᠮᠡᠢ ᠨᠢ ᠲᠤᠩᠭᠠᠯᠠᠭ  
ᠦᠷᠭᠦᠯᠵᠢ ᠳᠡᠭᠡᠳᠦ ᠶ᠋ᠢᠨ ᠥᠭᠯᠢᠭᠡ ᠳᠣᠣᠷ᠎ᠠ  
ᠡᠮᠦᠨᠡᠬᠢ ᠵᠠᠮ ᠨᠢ ᠬᠡᠷᠡᠯᠳᠦᠭᠡᠳ  
ᠴᠠᠭᠠᠨ ᠰᠦ ᠶ᠋ᠢᠨ ᠰᠠᠴᠤᠯᠢ ᠳᠣᠣᠷ᠎ᠠ  
ᠴᠠᠭᠠᠳᠤᠬᠢ ᠵᠠᠮ ᠨᠢ ᠲᠡᠭᠰᠢᠷᠡᠭᠡᠳ  
ᠤᠨᠠᠭᠠᠨ ᠪᠡᠶ᠎ᠡ ᠨᠢ ᠤᠪᠠᠳᠢᠰ ᠰᠢᠳᠢ ᠪᠡᠷ ᠲᠡᠳᠬᠦᠭᠳᠡᠭᠡᠳ  
ᠲᠡᠭᠡᠨ ᠪᠡᠶ᠎ᠡ ᠨᠢ  ᠳᠠᠯᠳᠠ ᠶ᠋ᠢᠨ ᠴᠢᠳᠠᠯ ᠢ᠋ᠶ᠋ᠠᠷ ᠳᠡᠮᠨᠡᠭᠳᠡᠭᠡᠳ  
ᠤᠬᠠᠭᠠᠨ ᠰᠠᠢᠨ ᠲᠠᠢ ᠨᠥᠬᠥᠷᠯᠡᠵᠦ  
ᠤᠳᠤᠮ ᠰᠠᠢᠨ ᠲᠠᠢ ᠤᠷᠤᠭᠯᠠᠵᠤ  
ᠬᠠᠨᠢ ᠶ᠋ᠢᠨ ᠰᠠᠢᠨ ᠢ᠋ᠶ᠋ᠠᠷ ᠲᠦᠰᠢᠭᠦᠯᠵᠦ  
ᠦᠷ᠎ᠡ ᠶ᠋ᠢᠨ ᠰᠠᠢᠨ ᠢ᠋ᠶ᠋ᠠᠷ ᠦᠨᠳᠦᠰᠦᠯᠡᠵᠦ  
ᠲᠩᠷᠢ ᠶ᠋ᠢᠨ ᠨᠠᠷᠠᠨ ᠮᠡᠲᠦ ᠪᠦᠲᠦᠨ  
ᠲᠡᠷᠭᠡᠯ ᠰᠠᠷᠠᠨ ᠮᠡᠲᠦ ᠳᠦᠭᠦᠷᠡᠩ  
ᠳᠡᠭᠡᠳᠦ ᠵᠠᠶᠠᠭ᠎ᠠ ᠪᠠᠨ ᠳᠡᠯᠭᠡᠷᠡᠭᠦᠯᠦᠭᠡᠳ  
ᠳᠡᠯᠡᠬᠡᠢ ᠳ᠋ᠦ᠍ ᠠᠯᠳᠠᠷ ᠢ᠋ᠶ᠋ᠠᠨ  ᠳᠠᠭᠤᠷᠢᠰᠬᠠᠵᠤ ᠶᠠᠪᠤᠬᠤ ᠶ᠋ᠢᠨ  
ᠳᠡᠭᠡᠳᠦ ᠶ᠋ᠢᠨ ᠳᠡᠭᠡᠳᠦ ᠳᠡᠮᠪᠡᠷᠢᠯ ᠢᠷᠦᠭᠡᠯ ᠢ᠋  
ᠳᠡᠯᠭᠡᠨ ᠪᠠᠷᠢᠵᠤ ᠳᠡᠪᠰᠢᠭᠦᠯᠦᠨ ᠠᠢᠯᠠᠳᠬᠠᠶ᠎ᠠ!  
ᠬᠤᠷᠤᠢ! ᠬᠤᠷᠤᠢ! ᠬᠤᠷᠤᠢ!

   ᠦᠰᠦᠭ ᠠᠮᠢᠯᠠᠭᠤᠯᠤᠭᠴᠢ᠄ ᠵᠡᠷᠮᠦᠳ ᠸ· ᠥᠯᠵᠡᠢ