ᠪᠢ ᠮᠣᠩᠭᠣᠯ ᠬᠥᠮᠦᠨ- ᠬᠡᠦᠬᠡᠳ ᠦᠨ ᠰᠢᠯᠦᠭБи монгол хүн- хүүхдийн шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠮᠣᠩᠭᠣᠯ ᠬᠥᠮᠦᠨ- ᠬᠡᠦᠬᠡᠳ ᠦᠨ ᠰᠢᠯᠦᠭБи монгол хүн- хүүхдийн шүлэг

ᠪᠢ ᠮᠣᠩᠭᠣᠯ ᠬᠥᠮᠦᠨ- ᠬᠡᠦᠬᠡᠳ ᠦᠨ ᠰᠢᠯᠦᠭБи монгол хүн- хүүхдийн шүлэг

2022-11-03

607

ᠪᠢ ᠮᠤᠩᠭᠤᠯ ᠬᠦᠮᠦᠨ

ᠠᠷᠭᠠᠯ ᠤᠨ ᠤᠳᠤᠭ᠎ᠠ ᠪᠤᠷᠭᠢᠯᠤᠬᠰᠠᠨ
ᠮᠠᠯᠴᠢᠨ ᠤ ᠬᠡᠷ ᠲᠦ ᠲᠦᠷᠦᠭᠰᠡᠨ ᠪᠢ
ᠠᠳᠠᠷ ᠬᠡᠬᠡᠷ᠎ᠡ ᠨᠤᠳᠤᠭ ᠵᠢᠡᠨ
ᠦᠯᠦᠬᠡᠢ ᠮᠢᠨᠢ ᠬᠡᠵᠤ ᠪᠤᠳᠤᠳᠠᠬ
ᠡᠨᠡ ᠬᠦᠮᠦᠨ ᠮᠤᠩᠭᠤᠯ ᠬᠦᠮᠦᠨ
ᠡᠬᠡ ᠤᠷᠤᠨ ᠳᠤ ᠪᠠᠨ ᠬᠠᠢᠷᠠᠳᠠᠢ ᠬᠥᠮᠦᠨ

ᠤᠨᠠᠬᠰᠠᠨ ᠡᠨᠡ ᠨᠤᠳᠤᠭ ᠵᠢᠡᠨ ᠪᠢ
ᠦᠪᠡᠷ ᠦᠨ ᠪᠠᠶ᠎ᠡ ᠰᠢᠭ᠌ ᠬᠠᠢᠷᠠᠯᠠᠵᠤ
ᠤᠬᠢᠶᠠᠬᠰᠠᠨ ᠲᠤᠩᠭᠠᠯᠠᠬ ᠮᠦᠷᠡᠨ ᠵᠢᠡᠨ
ᠡᠬᠡ ᠵᠢᠨ ᠰᠦ᠋ ᠰᠢᠭ᠌ ᠰᠠᠨᠠᠳᠠᠬ
ᠡᠨᠡ ᠨᠤᠳᠤᠭ ᠲᠤ ᠪᠠᠨ ᠪᠢ ᠡᠵᠡᠨ ᠨᠢ ᠶᠤᠮ
ᠡᠩᠬᠦᠷᠡᠶ᠋ᠢᠯᠡᠯ ᠳᠤ ᠨᠢ ᠦᠰᠦᠭᠰᠡᠨ ᠬᠦᠦ ᠨᠢ ᠶᠤᠮ

ᠪᠢ ᠵᠢᠷᠤᠬᠤ ᠲᠤᠷ᠎ᠠ ᠲᠠᠢ

ᠨᠠᠷᠠ ᠰᠠᠷᠠ ᠶᠢ ᠵᠢᠷᠤᠬᠤ ᠪᠢ ᠲᠤᠷ᠎ᠠ ᠲᠠᠢ
ᠨᠠᠪᠴᠢ ᠴᠡᠴᠡᠭ ᠢ ᠵᠢᠷᠤᠬᠤ ᠪᠢ ᠪᠦᠷ ᠲᠤᠷ᠎ᠠ ᠲᠠᠢ
ᠨᠠᠮᠤᠷ ᠬᠠᠪᠤᠷ ᠢ ᠵᠢᠷᠤᠬᠤ ᠰᠠᠢᠬᠠᠨ
ᠨᠠᠷᠠᠯᠠᠬ ᠵᠤᠨ ᠵᠢᠡᠨ ᠵᠢᠷᠤᠬᠤ  ᠪᠦᠷ ᠴᠤ᠌ ᠰᠠᠢᠬᠠᠨ
ᠴᠠᠭᠠᠰᠤᠨ ᠲᠡᠭᠡᠷ᠎ᠡ ᠂ ᠰᠠᠮᠪᠠᠷ᠎ᠠ ᠲᠡᠭᠡᠷ᠎ᠡ
ᠴᠠᠰᠤᠨ ᠲᠡᠭᠡᠷ᠎ᠡ ᠂ ᠭᠠᠵᠠᠷ ᠲᠡᠭᠡᠷ᠎ᠡ
ᠰᠠᠢᠬᠠᠨ ᠪᠦᠬᠦᠨ ᠢ ᠂ ᠭᠤᠶᠤᠬᠠᠨ ᠪᠦᠬᠦᠨ ᠢ
ᠵᠢᠷᠤᠨ᠎ᠠ ᠳ᠋ᠠ ᠪᠢ