ᠲᠠᠪᠤᠨ ᠡᠷᠳᠡᠨᠢ -ᠰ ∙ ᠨᠢᠩᠵᠢᠨ Tavan erdene-S.Ninjin Таван Эрдэнэ -С.Нинжин ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠤᠨ ᠡᠷᠳᠡᠨᠢ -ᠰ ∙ ᠨᠢᠩᠵᠢᠨ Tavan erdene-S.Ninjin Таван Эрдэнэ -С.Нинжин

ᠲᠠᠪᠤᠨ ᠡᠷᠳᠡᠨᠢ -ᠰ ∙ ᠨᠢᠩᠵᠢᠨ Tavan erdene-S.Ninjin Таван Эрдэнэ -С.Нинжин

ᠠᠩᠭᠢᠯᠠᠯ:ᠳᠠᠭᠤᠤ ᠬᠥᠭᠵᠢᠮ
2026-03-30

244

ᠲᠠᠪᠤᠨ ᠡᠷᠳᠡᠨᠢ


       ᠦᠭᠡ᠄ᠯ᠂ᠯᠤᠪᠰᠠᠩᠳᠣᠷᠵᠢ 
       ᠠᠶ᠎ᠠ᠄ᠵ᠂ᠪᠠᠲᠤᠰᠦ᠋ᠬᠡ 
       ᠳᠠᠭᠤᠴᠢᠨ᠄ᠰ᠂ᠨᠢᠩᠵᠢᠨ 

ᠡᠩᠭᠡᠷ ᠦ᠋ᠨ ᠢᠷᠭᠤᠢ ᠴᠠᠰᠤᠨ ᠳᠣᠣᠷ᠎ᠠ ᠵᠡᠭᠦᠳᠦᠯᠡᠬᠦ ᠳ᠋ᠦ᠍ 
ᠡᠬᠢᠨ ᠦ᠌ ᠲᠥᠯ ᠨᠠᠷᠠᠨ ᠨᠠᠭᠠᠰᠢᠯᠠᠵᠤ ᠴᠠᠩᠭᠢᠨᠠᠨ᠎ᠠ 
ᠡᠵᠡᠨ ᠮᠠᠯᠴᠢᠨ ᠤ᠋ ᠮᠠᠩᠨᠠᠢ ᠲᠡᠨᠢᠢᠨ ᠪᠠᠶᠠᠰᠬᠤ ᠳ᠋ᠤ᠌ 
ᠡᠬᠡ ᠣᠷᠣᠨ ᠤ᠋ ᠮᠢᠨᠢ ᠰᠦᠷᠦᠭ ᠨᠡᠮᠡᠯ᠎ᠡ ᠭᠡᠵᠦ ᠳᠠᠭᠤᠯᠠᠨ᠎ᠠ 
ᠲᠠᠪᠤᠨ ᠪᠦᠯᠢᠶᠡᠨ ᠵᠢᠰᠦ 
ᠲᠠᠪᠤᠨ ᠤᠶᠠᠬᠠᠨ ᠡᠬᠡᠰᠢᠭ 
ᠲᠡᠭᠰᠢ ᠲᠠᠪᠤᠨ ᠬᠦᠰᠡᠯ ᠦ᠋ᠨ 

ᠵᠢᠪᠠᠷ ᠤ᠋ᠨ ᠦᠵᠦᠭᠦᠷ ᠤᠶᠠᠷᠠᠵᠤ ᠴᠠᠭ ᠨᠠᠭᠠᠰᠢᠯᠠᠬᠤ ᠳ᠋ᠤ᠌
ᠴᠡᠯᠮᠡᠭ ᠰᠥᠨᠢ ᠶ᠋ᠢᠨ ᠣᠳᠣ ᠰᠢᠭ᠋ ᠲᠥᠯ ᠢ᠋ᠶ᠋ᠡᠷ ᠰᠦᠷᠦᠭ ᠪᠠᠶᠠᠵᠢᠨ᠎ᠠ
ᠥᠩᠭᠡ ᠠᠶᠠᠯᠭᠤ ᠵᠣᠬᠢᠷᠠᠨ ᠴᠢᠬᠢᠨ᠎ᠡ ᠢᠯᠳᠠᠮ ᠲᠠᠭᠠᠴᠠᠭᠠᠳ
ᠥᠨᠢᠷ ᠮᠠᠯᠴᠢᠨ ᠤ᠋ ᠬᠣᠲᠠ ᠲᠠᠪᠤᠨ ᠡᠷᠳᠡᠨᠢ ᠶ᠋ᠢᠨ ᠳᠠᠯᠠᠢ
ᠠᠮᠢᠳᠤ ᠲᠠᠪᠤᠨ ᠡᠷᠳᠡᠨᠢ
ᠲᠠᠪᠤᠨ ᠪᠦᠯᠢᠶᠡᠨ ᠵᠢᠰᠦ
ᠲᠠᠪᠤᠨ ᠤᠶᠠᠬᠠᠨ ᠡᠭᠡᠰᠢᠭ
ᠲᠡᠭᠰᠢ ᠲᠠᠪᠤᠨ ᠬᠦᠰᠡᠯ ᠦ᠋ᠨ 
ᠠᠮᠢᠳᠤ ᠲᠠᠪᠤᠨ ᠡᠷᠳᠡᠨᠢ

ᠠᠩᠬᠠᠨ ᠤ᠋ ᠪᠣᠷᠣᠭ᠎ᠠ ᠴᠡᠴᠡᠭ ᠦ᠋ᠨ ᠳᠡᠯᠪᠢ ᠶ᠋ᠢ ᠳᠠᠭᠠᠯᠠᠬᠤ ᠳ᠋ᠤ᠌
ᠲᠠᠪᠤᠨ ᠡᠷᠳᠡᠨᠢ ᠳᠡᠯᠡᠬᠡᠢ ᠳᠦᠭᠦᠷᠦᠭᠡᠳ ᠨᠠᠢᠷᠯᠠᠨ᠎ᠠ
ᠬᠣᠲᠠᠯᠠ ᠲᠦᠮᠡᠨ ᠲᠥᠯ ᠦ᠋ᠨ ᠳᠠᠭᠤᠨ ᠳ᠋ᠤ᠌ ᠪᠠᠨ ᠪᠠᠶᠠᠰᠤᠭᠠᠳ
ᠬᠣᠷᠸ᠎ᠠ ᠶ᠋ᠢᠨ ᠨᠠᠷᠠᠨ ᠰᠠᠭᠠᠲᠠᠨ ᠪᠠᠢᠵᠤ ᠴᠢᠩᠨᠠᠨ᠎ᠠ
ᠲᠠᠪᠤᠨ ᠪᠦᠯᠢᠶᠡᠨ ᠵᠢᠰᠦ
ᠲᠠᠪᠤᠨ ᠤᠶᠠᠬᠠᠨ ᠡᠬᠡᠰᠢᠭ
ᠲᠡᠭᠰᠢ ᠲᠠᠪᠤᠨ ᠬᠦᠰᠡᠯ ᠦ᠋ᠨ 
ᠠᠮᠢᠳᠤ ᠲᠠᠪᠤᠨ ᠡᠷᠳᠡᠨᠢ

     ᠦᠰᠦᠭ ᠠᠮᠢᠯᠠᠭᠤᠯᠤᠭᠴᠢ᠄ ᠰᠡᠴᠡᠨᠬᠡᠷᠡᠯ
     ᠬᠢᠨᠠᠭᠴᠢ ᠪᠠᠭᠰᠢ᠄ ᠢᠷᠡᠭᠡᠳᠦᠢ