ᠣᠷᠴᠢᠨ ᠴᠠᠭ ᠤᠨ ᠮᠣᠩᠭᠣᠯ ᠬᠡᠯᠡ - ᠠᠪᠢᠶ᠎ᠠ ᠵᠦᠢ( ᠬᠣᠶᠠᠳᠤᠭᠠᠷ ᠪᠥᠯᠥᠭ-1) Орчин цагийн монгол хэл - Авиа зүй 2-р бүлэг<1>
ᠬᠣᠶᠠᠳᠤᠭᠠᠷ ᠪᠦᠯᠦᠭ ᠂ ᠡᠭᠡᠰᠢᠭ ᠠᠪᠢᠶ᠎ᠠ
ᠨᠢᠭᠡᠳᠦᠭᠡᠷ ᠵᠦᠢᠯ - ᠡᠬᠡᠰᠢᠭ ᠠᠪᠢᠶ᠎ᠠ ᠬᠢᠭᠡᠳ ᠲᠡᠭᠦᠨ ᠦ᠌ ᠣᠨᠴᠠᠯᠢᠭ ᠰᠢᠨᠵᠢ
ᠮᠠᠨ ᠤ᠋ ᠤᠯᠤᠰ ᠤ᠋ᠨ ᠣᠷᠴᠢᠨ ᠴᠠᠭ ᠤ᠋ᠨ ᠮᠣᠩᠭᠣᠯ ᠤᠳᠬ᠎ᠠ ᠵᠣᠬᠢᠶᠠᠯ ᠤ᠋ᠨ ᠬᠡᠯᠡᠨ ᠦ᠌ ᠪᠠᠷᠢᠮᠵᠢᠶ᠎ᠠ ᠠᠪᠢᠶ᠎ᠠ ᠳ᠋ᠤ᠌ α[ α ], e [ ə ],i [ i ],o [ ɔ ],u [ ʊ ],ө [ ө ], Ʉ[ Ʉ] ᠭᠡᠬᠦ ᠦᠨᠳᠦᠰᠦᠨ ᠳᠣᠯᠣᠭᠠᠨ ᠡᠬᠡᠰᠢᠭ᠂ ᠠᠪᠢᠶᠠᠯᠠᠪᠤᠷᠢ ᠶ᠋ᠢᠨ ᠡᠭᠦᠷᠭᠡ ᠶ᠋ᠢ ᠭᠣᠣᠯᠯᠠᠨ ᠭᠦᠢᠴᠡᠳᠬᠡᠵᠦ ᠪᠠᠢᠨ᠎ᠠ᠃ ᠮᠣᠩᠭᠣᠯ ᠬᠡᠯᠡᠨ ᠦ᠌ ᠡᠭᠡᠰᠢᠭ ᠠᠪᠢᠶ᠎ᠠ ᠳ᠋ᠤ᠌ ᠳᠠᠷᠠᠭᠠᠬᠢ ᠬᠡᠳᠦᠨ ᠦᠨᠳᠦᠰᠦᠨ ᠣᠨᠴᠠᠯᠢᠭ ᠲᠠᠢ᠄
1. ᠥᠭᠦᠯᠡᠬᠦ ᠳ᠋ᠦ᠍ ᠠᠭᠤᠰᠬᠢᠨ ᠠ᠋ᠴᠠ ᠭᠠᠷᠤᠭᠰᠠᠨ ᠬᠡᠢ ᠶ᠋ᠢᠨ ᠤᠷᠤᠰᠬᠠᠯ ᠳ᠋ᠤ᠌ ᠶᠠᠮᠠᠷ ᠴᠣ ᠬᠠᠷᠰᠢ ᠰᠠᠭᠠᠳ ᠲᠣᠬᠢᠶᠠᠯᠳᠤᠳᠠᠭ ᠦᠭᠡᠢ᠂ ᠠᠮᠠᠨ ᠤ᠋ ᠬᠥᠨᠳᠡᠢ ᠪᠡᠷ ᠴᠢᠯᠥᠭᠡᠲᠡᠢ ᠭᠠᠷᠤᠨ᠎ᠠ᠃
2. ᠬᠡᠢ ᠤᠷᠤᠰᠬᠠᠯ ᠳ᠋ᠤ᠌ ᠰᠠᠭᠠᠳ ᠲᠣᠬᠢᠶᠠᠯᠳᠤᠬᠤ ᠦᠭᠡᠢ ᠤᠴᠢᠷ᠂ ᠠᠮᠠᠨ ᠤ᠋ ᠬᠥᠨᠳᠡᠢ ᠪᠡᠷ ᠭᠠᠷᠬᠤ ᠳ᠋ᠠᠭᠠᠨ ᠨᠠᠮ ᠰᠤᠯᠠ ᠪᠠᠢᠳᠠᠭ᠃
3. ᠥᠭᠦᠯᠡᠬᠦ ᠡᠷᠬᠡᠲᠡᠨ ᠦ᠌ ᠪᠤᠯᠴᠢᠩ ᠤ᠋ᠨ ᠴᠢᠩᠭᠠᠷᠠᠯᠲᠠ ᠨᠢ ᠵᠢᠭᠳᠡ ᠪᠥᠭᠡᠳ ᠨᠡᠢᠳᠡᠮ ᠦ᠋ᠨ ᠰᠢᠨᠵᠢ ᠲᠡᠢ ᠪᠠᠢᠳᠠᠭ᠃
4. ᠡᠭᠡᠰᠢᠭ ᠢ᠋ ᠠᠪᠢᠶᠠᠯᠠᠬᠤ ᠳ᠋ᠤ᠌᠂ ᠬᠡᠢ ᠶ᠋ᠢᠨ ᠤᠷᠤᠰᠬᠠᠯ ᠨᠢ ᠳᠠᠭᠤᠨ ᠤ᠋ ᠬᠥᠪᠴᠢ ᠶ᠋ᠢ ᠳᠣᠷᠭᠢᠭᠤᠯᠵᠤ ᠪᠠᠢᠳᠠᠭ᠃
5. ᠬᠡᠢ ᠤᠷᠤᠰᠬᠠᠯ ᠳᠠᠭᠤᠨ ᠤ᠋ ᠬᠥᠪᠴᠢ ᠶ᠋ᠢ ᠲᠤᠷᠭᠢᠭᠤᠯᠤᠨ ᠠᠮᠠᠨ ᠤ᠋ ᠬᠥᠨᠳᠡᠢ ᠪᠡᠷ ᠴᠢᠯᠥᠭᠡᠲᠡᠢ ᠪᠡᠷ ᠭᠠᠷᠬᠤ ᠤᠴᠢᠷ ᠡᠬᠡᠰᠢᠭ ᠢ᠋ ᠡᠭᠦᠰᠬᠡᠬᠦ ᠳᠠᠭᠤᠨ ᠨᠢ ᠢᠷᠠᠭᠤ ᠲᠣᠳᠣᠬᠠᠨ ᠡᠭᠡᠰᠢᠭᠲᠦ ᠳᠠᠭᠤᠨ ᠪᠠᠢᠳᠠᠭ᠃
6. ᠡᠬᠡᠰᠢᠭ ᠠᠪᠢᠶ᠎ᠠ ᠳᠠᠩ ᠢ᠋ᠶ᠋ᠠᠷ ᠢ᠋ᠶ᠋ᠠᠨ ᠦᠶ᠎ᠡ ᠪᠦᠲᠦᠭᠡᠵᠦ ᠴᠢᠳᠠᠨ᠎ᠠ᠃
ᠡᠨᠳᠡ ᠶᠠᠷᠢᠭᠰᠠᠨ ᠡᠮᠦᠨᠡᠬᠢ 3 ᠣᠨᠴᠠᠯᠢᠭ ᠨᠢ ᠣᠯᠠᠨ ᠬᠡᠯᠡᠨ ᠦ᠌ ᠡᠬᠡᠰᠢᠭ ᠠᠪᠢᠶᠠᠨ ᠳ᠋ᠤ᠌ ᠲᠣᠬᠢᠷᠠᠳᠠᠭ ᠭᠡᠢᠭᠦᠯᠦᠭᠴᠢ ᠠᠪᠢᠶ᠎ᠠ ᠠ᠋ᠴᠠ ᠢᠯᠭᠤᠮ ᠢᠯᠭᠠᠭᠳᠠᠬᠤ ᠣᠨᠴᠠᠯᠢᠭ ᠪᠠᠢᠵᠤ᠂ ᠰᠡᠭᠦᠯ ᠦ᠋ᠨ 3 ᠣᠨᠴᠠᠯᠢᠭ ᠨᠢ ᠭᠣᠣᠯᠳᠠᠭᠤ ᠮᠣᠩᠭᠣᠯ ᠬᠡᠯᠡᠨ ᠦ᠌ ᠡᠬᠡᠰᠢᠭ ᠠᠪᠢᠶᠠᠨ ᠳ᠋ᠤ᠌ ᠪᠠᠢᠳᠠᠭ ᠭᠡᠢᠭᠦᠯᠦᠭᠴᠢ ᠠᠪᠢᠶ᠎ᠠ ᠠ᠋ᠴᠠ ᠵᠠᠷᠢᠮᠳᠤᠭ ᠢᠯᠭᠠᠭᠳᠠᠬᠤ ᠣᠨᠴᠠᠯᠢᠭ ᠪᠣᠯᠤᠨ᠎ᠠ᠃
