ᠮᠣᠯᠣᠮ ᠲᠣᠢᠨ ᠮᠠᠨᠢ ᠶ᠋ᠢᠨ ᠵᠠᠯᠪᠠᠷᠢᠯ ᠣᠷᠣᠰᠢᠪᠠМолом тойн маанийн залбирал оршив
ᠮᠣᠯᠣᠮ ᠲᠣᠢᠨ ᠮᠠᠨᠢ ᠶ᠋ᠢᠨ ᠵᠠᠯᠪᠠᠷᠢᠯ ᠣᠷᠣᠰᠢᠪᠠ
ᠡᠷᠬᠢᠮ ᠭᠤᠷᠪᠠᠨ ᠡᠷᠳᠡᠨᠢ
ᠡᠬᠡ ᠬᠠᠮᠤᠭ ᠠᠮᠢᠲᠠᠳ
ᠡᠨᠡᠷᠢᠬᠦᠢ ᠶ᠋ᠢᠨ ᠡᠭᠦᠳᠡᠨ ᠡᠴᠡ
ᠡᠵᠢ ᠶ᠋ᠢ ᠮᠢᠨᠦ ᠦᠵᠡᠪᠡᠦ
ᠣᠮ ᠮᠠ᠋ ᠨᠢ ᠪᠠᠳ ᠮᠧᠢ ᠾᠤᠩ
ᠮᠣᠯᠣᠮ ᠲᠣᠢᠨ ᠤ᠋ ᠮᠠᠨᠢ ᠶ᠋ᠢ
ᠮᠣᠯᠣᠮ ᠬᠠᠲᠤᠨ ᠰᠣᠨᠣᠰᠪᠠᠤ
ᠰᠢᠷᠠᠪᠤᠳᠠᠷᠢ ᠠᠨᠠᠨᠳᠠ
ᠮᠢᠨᠦ ᠡᠵᠢ ᠦᠵᠡᠪᠡᠦ
ᠣᠮ ᠮᠠ᠋ ᠨᠢ ᠪᠠᠳ ᠮᠧᠢ ᠾᠤᠩ
ᠡᠷᠯᠢᠭ ᠬᠠᠭᠠᠨ ᠤ᠋ ᠲᠠᠮᠤ ᠳ᠋ᠤ᠌
ᠡᠨᠳᠡᠯ ᠦᠭᠡᠢ ᠡᠷᠢᠯ᠎ᠡ
ᠡᠷᠬᠢᠮ ᠠᠴᠢᠲᠤ ᠡᠵᠢ ᠶ᠋ᠢ ᠮᠢᠨᠢ
ᠳ᠋ᠧᠪᠠᠵᠠᠨ ᠳ᠋ᠤ᠌ ᠤᠳᠤᠷᠢᠳ
ᠣᠮ ᠮᠠ᠋ ᠨᠢ ᠪᠠᠳ ᠮᠧᠢ ᠾᠤᠩ
ᠠᠷᠪᠠᠨ ᠨᠠᠢ᠍ᠮᠠᠨ ᠲᠠᠮᠤ ᠳ᠋ᠤ᠌
ᠠᠯᠳᠠᠯ ᠦᠭᠡᠢ ᠡᠷᠢᠯ᠎ᠡ
ᠠᠬᠢ ᠪᠤᠭᠤᠷᠤᠯ ᠡᠵᠢ ᠶ᠋ᠢ ᠮᠢᠨᠢ
ᠳ᠋ᠧᠪᠠᠵᠠᠨ ᠳ᠋ᠤ᠌ ᠤᠳᠤᠷᠢᠳ
ᠣᠮ ᠮᠠ᠋ ᠨᠢ ᠪᠠᠳ ᠮᠧᠢ ᠾᠤᠩ
ᠬᠣᠷᠢᠨ ᠨᠢᠭᠡᠨ ᠳᠠᠷᠠ ᠡᠬᠡ
ᠬᠣᠮᠰᠢᠮ ᠪᠣᠳᠢᠰᠠᠳ᠋ᠸ᠎ᠠ ᠨᠠᠷ
ᠬᠣᠢᠲᠤ ᠮᠥᠷ ᠦ᠋ᠨ ᠰᠦᠨᠡᠰᠦ ᠶ᠋ᠢ
ᠳ᠋ᠧᠪᠠᠵᠠᠨ ᠳ᠋ᠤ᠌ ᠤᠳᠤᠷᠢᠳ
ᠣᠮ ᠮᠠ᠋ ᠨᠢ ᠪᠠᠳ ᠮᠧᠢ ᠾᠤᠩ
ᠪᠠᠳᠮᠠᠯᠠᠭᠰᠠᠨ ᠬᠣᠷᠯᠣ ᠶ᠋ᠢ ᠪᠡᠨ
ᠪᠠᠷᠠᠭᠤᠨ ᠭᠠᠷ ᠲᠤ᠌ ᠪᠠᠨ ᠪᠠᠷᠢᠭᠠᠳ
ᠪᠠᠨᠴᠢᠨ ᠳᠠᠯᠠᠢ ᠪᠯᠠᠮ᠎ᠠ ᠪᠠᠨ
ᠣᠷᠣᠢ ᠳᠡᠭᠡᠷ᠎ᠡ ᠪᠡᠨ ᠰᠢᠲᠦᠭᠡᠳ
ᠣᠮ ᠮᠠ᠋ ᠨᠢ ᠪᠠᠳ ᠮᠧᠢ ᠾᠤᠩ
ᠵᠠᠭᠤᠨ ᠨᠠᠢ᠍ᠮᠠᠨ ᠡᠷᠢᠭᠡ ᠶ᠋ᠢ
ᠵᠡᠭᠦᠨ ᠭᠠᠷ ᠲᠤ᠌ ᠪᠠᠨ ᠪᠠᠷᠢᠭᠠᠳ
ᠵᠢᠷᠭᠤᠭᠠᠨ ᠦᠰᠦᠭ ᠮᠠᠨᠢ ᠶ᠋ᠢ
ᠵᠢᠷᠦᠬᠡᠨ ᠳ᠋ᠡᠭᠡᠨ ᠰᠢᠲᠦᠭᠡᠳ
ᠣᠮ ᠮᠠ᠋ ᠨᠢ ᠪᠠᠳ ᠮᠧᠢ ᠾᠤᠩ
ᠴᠡᠯ ᠴᠠᠭᠠᠨ ᠦᠰᠦᠲᠡᠢ
ᠴᠠᠭᠯᠠᠰᠢ ᠦᠭᠡᠢ ᠨᠠᠰᠤᠲᠠᠢ
ᠴᠠᠭᠠᠨ ᠪᠤᠭᠤᠷᠤᠯ ᠡᠵᠢ ᠶ᠋ᠢ ᠮᠢᠨᠢ
ᠠᠪᠤᠷᠢᠵᠤ ᠥᠷᠥᠰᠢᠶᠡ
ᠣᠮ ᠮᠠ᠋ ᠨᠢ ᠪᠠᠳ ᠮᠧᠢ ᠾᠤᠩ
ᠱᠠᠭᠵᠠᠮᠤᠨᠢ ᠶ᠋ᠢᠨ ᠱᠠᠰᠢᠨ ᠳ᠋ᠤ᠌
ᠱᠠᠭᠰᠠᠪᠠᠳ ᠤ᠋ᠨ ᠣᠷᠣᠨ ᠳ᠋ᠤ᠌
ᠰᠢᠷᠠᠪᠤᠳᠠᠷᠢ ᠠᠨᠠᠨᠳᠠ
ᠮᠢᠨᠦ ᠡᠵᠢ ᠶ᠋ᠢ ᠦᠵᠡᠪᠡᠦ
ᠣᠮ ᠮᠠ᠋ ᠨᠢ ᠪᠠᠳ ᠮᠧᠢ ᠾᠤᠩ
ᠮᠠᠨᠢ ᠶ᠋ᠢᠨ ᠵᠢᠷᠭᠤᠭᠠᠨ ᠦᠰᠦᠭ ᠢ᠋
ᠮᠠᠰᠢ ᠰᠠᠢᠲᠤᠷ ᠤᠩᠰᠢᠭᠠᠳ
ᠮᠠᠰᠢ ᠭᠠᠯᠠᠭᠤᠨ ᠲᠠᠮᠤ ᠳ᠋ᠤ᠌
ᠬᠦᠷᠭᠡᠯ ᠦᠭᠡᠢ ᠠᠪᠤᠷᠠ
ᠣᠮ ᠮᠠ᠋ ᠨᠢ ᠪᠠᠳ ᠮᠧᠢ ᠾᠤᠩ
ᠭᠦᠨ ᠵᠢᠷᠭᠤᠭᠠᠨ ᠦᠰᠦᠭ ᠢ᠋
ᠬᠥᠭᠵᠢᠭᠦᠯᠦᠨ ᠤᠩᠰᠢᠭᠠᠳ
ᠬᠦᠢᠲᠡᠨ ᠲᠠᠮᠤ ᠶ᠋ᠢᠨ ᠣᠷᠣᠨ ᠳ᠋ᠤ᠌
ᠬᠦᠷᠭᠡᠯ ᠦᠭᠡᠢ ᠠᠪᠤᠷᠠ
ᠣᠮ ᠮᠠ᠋ ᠨᠢ ᠪᠠᠳ ᠮᠧᠢ ᠾᠤᠩ
ᠠᠯᠲᠠᠨ ᠮᠥᠩᠭᠥᠨ ᠡᠭᠡᠮᠦᠭ ᠢ᠋
ᠠᠴᠢᠲᠤ ᠪᠣᠭᠳᠠ ᠳ᠋ᠠᠭᠠᠨ ᠡᠷᠭᠦᠭᠡᠳ
ᠡᠷᠬᠢᠮ ᠠᠴᠢᠲᠤ ᠡᠵᠢ ᠶ᠋ᠢ ᠮᠢᠨᠢ
ᠳ᠋ᠧᠪᠠᠵᠠᠨ ᠳ᠋ᠤ᠌ ᠤᠳᠤᠷᠢᠳ
ᠣᠮ ᠮᠠ᠋ ᠨᠢ ᠪᠠᠳ ᠮᠧᠢ ᠾᠤᠩ
ᠵᠣᠣ ᠶ᠋ᠢᠨ ᠡᠨᠡ ᠬᠣᠯᠠ ᠳ᠋ᠤ᠌
ᠵᠣᠷᠢᠭᠯᠠᠵᠤ ᠮᠥᠷᠭᠥᠶ᠎ᠡ
ᠵᠠᠭᠤᠷᠠᠳᠤ ᠶ᠋ᠢᠨ ᠠᠶᠤᠯ ᠢ᠋
ᠵᠣᠣ ᠶ᠋ᠢᠨ ᠭᠡᠭᠡᠨ ᠠᠪᠤᠷᠠ
ᠣᠮ ᠮᠠ᠋ ᠨᠢ ᠪᠠᠳ ᠮᠧᠢ ᠾᠤᠩ
ᠣᠷᠳᠣᠰ ᠮᠣᠩᠭᠣᠯ ᠮᠠᠨᠢ ᠶ᠋ᠢᠨ ᠰᠤᠳᠤᠷ ᠠ᠋ᠴᠠ
ᠮᠣᠩᠭᠤᠯᠵᠠᠶᠠᠭ᠎ᠠ ᠠᠮᠢᠯᠠᠭᠤᠯᠪᠠ
