ᠬᠥᠪᠰᠥᠷ ᠪᠠᠰᠢᠷ -ᠪ· ᠲᠡᠮᠦᠷᠪᠣᠯᠣᠳKhövsör bashir-B·Tömörbold Хөвсөр башир-Б·Төмөрболд ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠪᠰᠥᠷ ᠪᠠᠰᠢᠷ -ᠪ· ᠲᠡᠮᠦᠷᠪᠣᠯᠣᠳKhövsör bashir-B·Tömörbold Хөвсөр башир-Б·Төмөрболд

ᠬᠥᠪᠰᠥᠷ ᠪᠠᠰᠢᠷ -ᠪ· ᠲᠡᠮᠦᠷᠪᠣᠯᠣᠳKhövsör bashir-B·Tömörbold Хөвсөр башир-Б·Төмөрболд

2026-03-28

162

ᠬᠥᠪᠰᠥᠷ ᠪᠠᠰᠢᠷ


        ᠮᠠᠯᠴᠢᠨ ᠢᠷᠠᠭᠤ ᠨᠠᠢᠷᠠᠭᠴᠢ᠄ ᠪ· ᠲᠡᠮᠦᠷᠪᠣᠯᠣᠳ 

ᠳᠠᠷᠤᠭ᠎ᠠ ᠢᠷᠡᠵᠦ ᠪᠠᠢᠴᠠᠭᠠᠬᠤ ᠴᠢᠮᠡᠭᠡ 
ᠳᠠᠶᠠᠭᠠᠷ ᠤ᠋ᠨ ᠰᠣᠨᠣᠷ  ᠲᠤ᠌ ᠳᠠᠭᠤᠷᠢᠰᠤᠯ᠎ᠠ 
ᠳᠣᠯᠳᠣᠢᠴᠢ ᠤᠳᠤᠷᠢᠳᠤᠯᠭ᠎ᠠ ᠨᠤᠭᠤᠳ ᠰᠣᠨᠣᠰᠤᠩᠭᠤᠲᠠ 
ᠳᠣᠣᠷ᠎ᠠ ᠨᠢ ᠪᠡᠯᠡᠳᠬᠡᠬᠦ ᠶ᠋ᠢ ᠶᠠᠭᠠᠷᠠᠵᠠᠭᠠᠯ᠎ᠠ 

ᠮᠠᠯ ᠰᠦᠷᠦᠭ ᠦ᠋ᠨ ᠥᠰᠦᠯᠲᠡ ᠪᠡᠨ 
ᠮᠠᠰᠢ ᠳᠡᠭᠡᠭᠦᠷ ᠮᠡᠳᠡᠭᠦᠯ ᠭᠡᠯ᠎ᠡ 
ᠮᠠᠯᠴᠢᠨ ᠲᠦᠮᠡᠨ ᠦ᠌ ᠠᠮᠢᠳᠤᠷᠠᠯ ᠢ᠋ᠶ᠋ᠠᠨ 
ᠮᠠᠩᠯᠠᠢ ᠪᠠᠢᠷᠢᠨ ᠳ᠋ᠤ᠌ ᠶᠠᠷᠢ! ᠭᠡᠯ᠎ᠡ

ᠡᠯ᠎ᠡ ᠨᠢᠭᠡᠴᠢ ᠳ᠋ᠦ᠍ ᠤᠲᠠᠰᠤᠳᠠᠨ
ᠡᠪᠲᠡᠢ ᠠᠷᠭᠠᠴᠠᠭᠠᠬᠤ ᠶ᠋ᠢ ᠵᠠᠬᠢᠵᠠᠭᠠᠯ᠎ᠠ 
ᠡᠰᠡᠷᠭᠦ ᠰᠠᠨᠠᠯ ᠳᠤᠷᠠᠳᠤᠭᠰᠠᠳ  ᠢ᠋ 
ᠡᠷᠡᠭᠡ ᠦᠭᠡᠢ ᠳᠠᠷᠤ ᠭᠡᠵᠦ ᠵᠠᠷᠯᠢᠭᠳᠠᠯ᠎ᠠ 

ᠪᠠᠭ᠎ᠠ ᠲᠡᠷᠭᠡ ᠪᠡᠨ ᠭᠠᠯᠯᠠᠭᠠᠳ 
ᠲᠠᠷᠭᠤᠨ ᠬᠣᠨᠢᠨ ᠳ᠋ᠤ᠌ ᠳᠠᠪᠬᠢᠵᠠᠭᠠᠯ᠎ᠠ 
ᠪᠠᠯᠪᠤᠩ ᠲᠠᠢ ᠥᠨᠵᠢᠮᠡᠯ ᠰᠤᠷᠠᠭᠯᠠᠭᠠᠳ
ᠲᠠᠩᠰᠤᠭ ᠭᠠᠴᠠᠭᠠᠨ ᠳ᠋ᠤ᠌ ᠪᠠᠭᠤᠵᠠᠭᠠᠯ᠎ᠠ

ᠢᠷᠡᠵᠦ ᠪᠤᠴᠠᠬᠤ ᠵᠠᠮ ᠢ᠋ ᠨᠢ ᠬᠦᠷᠲᠡᠯ᠎ᠡ
ᠢᠨᠢᠶᠡᠳᠦ ᠬᠦᠷᠦᠮᠡᠷ ᠲᠣᠬᠢᠷᠠᠭᠤᠯᠤᠯ᠎ᠠ
ᠶᠠᠳᠠᠭᠤ ᠡᠷᠦᠬᠡ ᠡᠴᠡ ᠬᠣᠯᠠᠭᠤᠷ ᠭᠡᠵᠦ
ᠶᠠᠩᠭᠢᠷ ᠬᠠᠲᠠᠭᠤ ᠵᠢᠭᠠᠪᠤᠷᠢᠯᠠᠯ᠎ᠠ

ᠴᠢᠨᠡᠭᠡᠯᠢᠭ ᠪᠠᠶᠠᠨ ᠬᠡᠳᠦᠨ ᠠᠢᠯ ᠳ᠋ᠤ᠌
ᠴᠢᠮᠡᠭᠡ ᠥᠭᠭᠦᠭᠡᠳ ᠲᠥᠪᠬᠢᠨᠡᠭᠦᠯᠦᠯ᠎ᠡ
ᠴᠡᠬᠡ ᠰᠠᠷᠬᠤᠳ ᠳᠡᠪᠡᠯ ᠭᠤᠲᠤᠯ ᠢ᠋ ᠨᠢ
ᠴᠡᠷᠢᠭ ᠦ᠋ᠨ ᠪᠡᠯᠡᠳᠬᠡᠯ ᠰᠢᠭ᠌ ᠬᠢᠵᠡᠭᠡᠯ᠎ᠡ

ᠪᠥᠭᠡᠷᠡᠩᠬᠡᠢ ᠦᠭᠡ ᠲᠡᠢ ᠨᠢᠭᠡ ᠶ᠋ᠢ ᠪᠡᠨ
ᠪᠦᠭᠦᠳᠡ ᠳᠠᠭᠠᠭᠠᠮᠠᠯ ᠢ᠋ᠶ᠋ᠠᠷ ᠲᠣᠮᠢᠯᠠᠯ᠎ᠠ
ᠪᠥᠵᠢᠭᠴᠢᠨ ᠳᠠᠭᠤᠴᠢᠨ ᠬᠡᠦᠬᠡᠨ ᠨᠦ᠍ᠭᠦᠳ ᠢ᠋
ᠪᠦᠷᠢᠨ ᠴᠢᠮᠡᠵᠦ ᠪᠡᠯᠡᠳᠬᠡᠭᠦᠯᠦᠯ᠎ᠡ

ᠪᠠᠢᠴᠠᠭᠠᠬᠤ ᠳᠤᠭᠤᠢᠯᠠᠩ ᠢ᠋ ᠬᠠᠭᠤᠷᠬᠤ
(ᠪᠠᠢᠯᠳᠤᠭᠠᠨ ᠤ᠋ ᠪᠡᠯᠡᠳᠬᠡᠯ) ᠢ᠋ᠶ᠋ᠡᠨ ᠳᠠᠭᠤᠰᠬᠠᠭᠠᠳ
ᠤᠬᠠᠭᠠᠯᠠᠵᠤ ᠪᠢᠴᠢᠭᠰᠡᠨ ᠮᠡᠳᠡᠭᠦᠯᠦᠯᠲᠡ ᠪᠡᠨ
ᠤᠩᠰᠢᠵᠤ ᠦᠵᠡᠭᠡᠳ ᠮᠦᠰᠢᠶᠡᠴᠢᠬᠡᠯ᠎ᠡ᠃

ᠬᠠᠷᠠᠵᠤ ᠪᠠᠢᠲᠠᠯ᠎ᠠ ᠭᠣᠶᠣ ᠮᠠᠰᠢᠨ ᠨᠤᠭᠤᠳ
ᠬᠠᠷᠠᠭᠠᠨ ᠤ᠋ ᠦᠵᠦᠭᠦᠷ ᠲᠣᠳᠣᠷᠠᠯ᠎ᠠ
ᠵᠠ ᠲᠡᠷᠡ! ᠭᠡᠵᠦ ᠬᠡᠯᠡᠬᠦ ᠶ᠋ᠢᠨ ᠵᠠᠪᠰᠠᠷ
ᠵᠠᠰᠠᠭ ᠤ᠋ᠨ ᠶᠠᠮᠤᠨ ᠤ᠋ ᠡᠮᠦᠨ᠎ᠡ ᠵᠣᠭᠰᠣᠯ᠎ᠠ

ᠯᠠᠪᠠ ᠳᠠᠩᠭᠢᠨᠠᠭᠤᠯᠤᠭᠰᠠᠨ ᠵᠥᠭᠡᠯᠡᠨ ᠬᠥᠰᠬᠡ ᠨᠦ᠍ᠭᠦᠳ
ᠯᠠᠪᠢᠷ ᠬᠡᠢᠰᠬᠡᠨ ᠨᠡᠮᠡᠰᠬᠢᠨ᠎ᠡ
ᠯᠠᠷᠵᠢᠶ᠎ᠠ ᠲᠠᠲᠠᠭᠰᠠᠨ ᠲᠤᠰᠢᠶᠠᠯᠲᠠᠳ     
ᠯᠠᠪᠳᠠᠭᠤᠨ ᠠᠯᠬᠤᠯᠠᠵᠤ ᠮᠠᠳᠠᠶ᠋ᠢᠯᠵᠠᠨ᠎ᠠ   

ᠰᠤᠮᠤ ᠭᠠᠴᠠᠭᠠᠨ ᠤ᠋ ᠤᠳᠤᠷᠢᠳᠤᠯᠭ᠎ᠠ
ᠰᠤᠪᠤᠷᠠᠵᠤ ᠣᠴᠢᠭᠠᠳ ᠮᠡᠨᠳᠦᠴᠢᠯᠡᠨ᠎ᠡ
ᠰᠤᠷᠭᠠᠭᠤᠯᠢ ᠶ᠋ᠢᠨ ᠬᠡᠦᠬᠡᠳ ᠢ᠋ ᠳᠣᠬᠢᠵᠤ
ᠰᠣᠷᠭᠣᠭ ᠴᠡᠴᠡᠭ ᠬᠦᠷᠭᠡᠭᠦᠯᠦᠨ᠎ᠡ 

ᠴᠢᠷᠠᠢ ᠳᠦᠭᠦᠷᠡᠩ ᠢᠨᠢᠶᠡᠮᠰᠦᠭᠯᠡᠵᠦ
ᠦᠨᠡᠨᠴᠢ ᠤᠭᠲᠤᠯᠭ᠎ᠠ ᠪᠠᠨ ᠢᠯᠡᠳᠬᠡᠨ᠎ᠡ
ᠴᠠᠢᠯᠠᠯᠭ᠎ᠠ ᠳᠠᠢᠯᠠᠯᠭ᠎ᠠ ᠤᠭᠰᠠᠷᠠᠭᠤᠯᠵᠤ 
ᠦᠯᠢᠶᠡᠪᠡᠷ ᠮᠡᠳᠡᠭᠦᠯᠦᠯᠲᠡ ᠪᠡᠨ ᠢᠲᠡᠭᠡᠭᠦᠯᠦᠨ᠎ᠡ


ᠰᠦ ᠲᠡᠢ ᠴᠠᠢ ᠥᠷᠥᠮ᠎ᠡ ᠬᠤᠷᠤᠳ
ᠰᠡᠭᠦᠯ ᠪᠦᠳᠦᠭᠦᠨ ᠬᠣᠨᠢᠨ ᠰᠢᠭᠦᠰᠦ
ᠰᠦᠷᠡᠬᠡᠢ ᠨᠠᠮᠵᠢᠭᠤᠨ ᠮᠣᠩᠭᠣᠯ ᠠᠷᠢᠬᠢ
ᠦᠷᠬᠦᠢ ᠬᠥᠭᠡᠷᠦᠬᠦᠨ ᠦᠢᠯᠡᠴᠢᠯᠡᠭᠴᠢ ᠬᠡᠦᠬᠡᠨ

ᠵᠠᠯᠠᠷᠠᠭᠰᠠᠨ ᠳᠠᠷᠤᠭ᠎ᠠ ᠶ᠋ᠢᠨ ᠨᠢᠳᠦ ᠶ᠋ᠢ ᠪᠠᠶᠠᠰᠬᠠᠨ
ᠰᠤᠯᠠᠷᠠᠭᠰᠠᠨ ᠪᠡᠶ᠎ᠡ ᠶ᠋ᠢᠨ ᠬᠢᠨᠢ ᠴᠢᠯᠡᠭᠡ ᠶ᠋ᠢ ᠲᠠᠢᠯᠤᠨ
ᠬᠢ ᠬᠢ! ᠭᠡᠵᠦ ᠮᠠᠷᠰᠠᠢᠵᠤ ᠢᠨᠢᠶᠡᠭᠡᠳ
ᠬᠢᠷᠢ ᠲᠡᠩᠴᠡᠭᠰᠡᠨ ᠰᠤᠮᠤ! ᠭᠡᠵᠦ ᠡᠷᠡᠬᠡᠢ ᠱᠠᠩᠨᠠᠪᠠ

ᠪᠢᠷᠠᠭᠤ ᠨᠢ ᠡᠬᠡ ᠪᠡᠨ ᠦᠵᠡᠭᠰᠡᠨ ᠰᠢᠭ᠌
ᠪᠢᠯᠳᠠᠤᠴᠢ ᠵᠡᠷᠭᠡᠲᠡᠳ  ᠤᠪ ᠲᠠᠢ ᠮᠠᠭᠠᠰᠠᠢᠵᠤ
ᠫᠢᠴᠢᠭᠢᠨᠠᠲᠠᠯ᠎ᠠ ᠬᠤᠨᠳᠠᠭ᠎ᠠ ᠮᠥᠷᠭᠥᠭᠦᠯᠦᠨ᠎ᠡ
ᠲᠠᠴᠢᠭᠢᠨᠠᠲᠠᠯ᠎ᠠ ᠠᠯᠠᠭ᠎ᠠ ᠲᠠᠰᠢᠵᠠᠭᠠᠨ᠎ᠠ

ᠤᠤᠵᠢ ᠮᠢᠷᠠᠯᠵᠠᠭᠤᠯᠤᠭᠰᠠᠨ ᠳᠠᠭᠤᠴᠢᠨ
ᠬᠡᠦᠬᠡᠨ ᠲᠡᠨᠳᠡ ᠤᠶᠠᠩᠭᠠᠯᠠᠨ᠎ᠠ
ᠤᠨᠠᠲᠠᠯ᠎ᠠ ᠵᠣᠭᠣᠭᠯᠠᠭᠰᠠᠨ ᠮᠠᠷᠢᠶᠠᠯᠢᠭ
ᠨᠣᠶᠠᠳ ᠡᠨᠳᠡ ᠬᠠᠬᠠᠯᠠᠨ᠎ᠠ

ᠤᠳᠠᠬᠤ ᠦᠭᠡᠢ ᠳᠡᠭᠡᠷ᠎ᠡ ᠡᠴᠡ
ᠣᠳᠣ ᠭᠡᠳ ᠬᠤᠷᠤᠭᠤ ᠭᠠᠷᠭᠠᠨ᠎ᠠ
ᠤᠯᠤᠰ ᠤ᠋ᠨ ᠪᠠᠢᠷᠢᠯᠠᠭᠤᠯᠤᠯᠲᠠ ᠴᠢᠮ᠎ᠠ ᠶ᠋ᠢ! ᠭᠡᠳ
ᠮᠥᠷᠥ ᠶ᠋ᠢ ᠨᠢ ᠲᠠᠪᠰᠢᠨ᠎ᠠ

ᠬᠠᠷᠢᠭᠤ ᠮᠡᠳᠡᠭᠦᠯᠦᠯᠲᠡ ᠳ᠋ᠦ᠍ ᠪᠡᠨ ᠶᠠᠭᠤ ᠭᠡᠵᠦ ᠬᠡᠯᠡᠪᠡ⁈
ᠬᠠᠢᠷᠠᠲᠤ ᠤᠩᠰᠢᠭᠴᠢ ᠳ᠋ᠤ᠌ ᠪᠠᠨ ᠵᠣᠬᠢᠶᠠᠭᠴᠢ ᠪᠢ
ᠬᠠᠷᠢᠮᠠᠬᠠᠢ ᠪᠣᠯᠭᠠᠵᠤ ᠲᠣᠪᠴᠢᠬᠠᠨ ᠬᠡᠯᠡᠶ᠎ᠡ!
ᠰᠤᠨᠤᠮᠠᠬᠠᠢ ᠪᠣᠯᠭᠠᠵᠤ ᠬᠡᠮᠵᠢᠵᠦ ᠥᠭᠭᠦᠶ᠎ᠡ!

ᠮᠠᠩᠬ᠎ᠠ ᠡᠯᠡᠰᠦ ᠪᠡᠨ ᠪᠢᠳᠡ 
ᠭᠠᠩᠭᠠᠩ ᠪᠦᠷᠢᠳᠦ ᠪᠣᠯᠭᠠᠯ᠎ᠠ
ᠮᠠᠯᠴᠢᠳ ᠤ᠋ᠨ ᠠᠮᠢᠳᠤᠷᠠᠯ ᠢ᠋ᠶ᠋ᠠᠨ ᠪᠢᠳᠡ
ᠭᠠᠢᠬᠠᠮᠰᠢᠭ ᠲᠦᠪᠰᠢᠨ ᠳ᠋ᠦ᠍ ᠬᠦᠷᠭᠡᠯ᠎ᠡ

ᠮᠠᠷᠭᠠᠰᠢ ᠶ᠋ᠢᠨ ᠠᠮᠵᠢᠯᠲᠠ ᠨᠢᠭᠡᠨᠲᠡ
ᠭᠠᠷ ᠤ᠋ᠨ ᠠᠯᠠᠭ᠎ᠠ ᠪᠣᠯᠤᠯ᠎ᠠ
ᠠᠷᠠᠳ ᠤ᠋ᠨ ᠬᠡᠦᠬᠡᠳ ᠦ᠋ᠨ ᠶᠡᠬᠡᠩᠬᠢ ᠨᠢ
ᠠᠯᠪᠠᠨ ᠤ᠋ ᠰᠦᠢᠳᠬᠡᠯ ᠢ᠋ᠶ᠋ᠡᠷ ᠰᠤᠷᠤᠯᠴᠠᠵᠤ ᠪᠣᠢ

ᠠᠭᠰᠢᠷᠠᠭ᠎ᠠ ᠵᠡᠮᠳᠡᠭ ᠲᠤᠵᠢ ᠪᠠᠷ ᠢ᠋ᠶ᠋ᠠᠨ
ᠠᠮᠤᠷ ᠵᠢᠷᠭᠠᠯᠲᠠᠢ ᠲᠡᠳᠬᠦᠭᠳᠡᠵᠦ ᠪᠣᠢ
ᠰᠤᠮᠤᠨ ᠠ᠋ᠴᠠ ᠨᠠᠮ᠎ᠠ ᠶ᠋ᠢ ᠳᠡᠭᠡᠭᠰᠢᠯᠡᠭᠦᠯᠬᠦ ᠶᠤᠮ ᠪᠣᠯ
ᠰᠤᠷᠠᠭ ᠢ᠋ ᠨᠢ ᠳᠣᠭᠣᠯᠤᠭᠰᠠᠭᠠᠷ— ᠠᠷᠠᠳ ᠤᠬᠢᠯᠠᠨ᠎ᠠ ᠭᠡᠳ

ᠲᠥᠷᠥ ᠶ᠋ᠢ ᠮᠡᠬᠡᠯᠡᠳᠡᠭ
ᠪᠢᠯᠳᠠᠤᠴᠢ ᠤᠬᠠᠭᠠᠨ ᠢ᠋ᠶ᠋ᠠᠨ
ᠲᠥᠪ ᠴᠢᠷᠠᠢᠯᠠᠨ
ᠪᠡᠶᠡᠯᠡᠭᠦᠯᠵᠦ ᠪᠠᠢᠯ᠎ᠠ!


  ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ᠄ ᠣᠳᠬᠠᠨᠰᠣ᠎ᠠ