ᠬᠠᠷᠠᠮᠴᠢ ᠶ᠋ᠢᠨ ᠬᠢᠨ ᠦ ᠲᠤᠤᠯᠢ-ᠲ ᠴᠤᠤᠳᠠᠯХарамчийнхны дооли-т цуудал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷᠠᠮᠴᠢ ᠶ᠋ᠢᠨ ᠬᠢᠨ ᠦ ᠲᠤᠤᠯᠢ-ᠲ ᠴᠤᠤᠳᠠᠯХарамчийнхны дооли-т цуудал

ᠬᠠᠷᠠᠮᠴᠢ ᠶ᠋ᠢᠨ ᠬᠢᠨ ᠦ ᠲᠤᠤᠯᠢ-ᠲ ᠴᠤᠤᠳᠠᠯХарамчийнхны дооли-т цуудал

2022-11-03

1032

ᠬᠠᠷᠠᠮᠴᠢ ᠶ᠋ᠢᠨ ᠬᠢᠨ ᠦ᠌ ᠲᠤᠤᠯᠢ

         ᠳ · ᠴᠣᠣᠲᠠᠯ
ᠠᠶ᠋ᠢᠬᠤᠪᠲᠤᠷ ᠭᠠᠷ ᠴᠢᠩᠭ᠎ᠠ ᠲᠠᠢ ᠠᠬ᠎ᠠ ᠳᠡᠭᠦᠦ ᠬᠣᠶᠠᠷ ᠪᠠᠶ᠋ᠢᠯ᠎ᠠ
ᠠᠳᠠᠯᠠᠵᠤ ᠬᠥᠮᠦᠰ ᠲᠡᠳᠡᠨ ᠊ᠢ ᠬᠠᠷᠠᠮᠴᠢ ᠶ᠋ᠢᠨ ᠬᠢᠨ ᠭᠡᠳᠡᠭ ᠪᠠᠶ᠋ᠢᠯ᠎ᠠ
ᠰᠠᠨᠰᠠᠷ ᠡᠮᠡᠭᠡᠳ ᠦ᠋ᠨ ᠪᠠᠯ ᠊ᠢ ᠬᠣᠨᠢ ᠨᠢ ᠪᠦᠷᠬᠦᠵᠦ
ᠰᠠᠷᠪᠠ ᠴᠤᠴᠠᠬᠤ ᠶ᠋ᠢᠨ ᠬᠥᠨᠳᠡᠢ ᠪᠡᠷ ᠠᠳᠤᠭᠤ ᠨᠢ ᠪᠠᠭᠲᠠᠵᠤ ᠶᠠᠳᠠᠭᠰᠠᠨ

ᠦᠶ᠎ᠡ ᠳᠡᠮᠵᠢᠭᠰᠡᠨ ᠪᠠᠶᠠᠨ ᠬᠠᠷᠠᠮᠴᠢ ᠶ᠋ᠢᠨ ᠬᠢᠨ ᠦ᠌ ᠬᠣᠲᠠ ᠠᠶ᠋ᠢᠯ
ᠡᠭᠦᠯᠡ ᠮᠡᠲᠦ ᠨᠡᠪᠰᠡᠶ᠋ᠢᠵᠡᠭᠡᠨ ᠠᠵᠤ ᠲᠥᠷᠥᠳᠡᠭ ᠪᠠᠶ᠋ᠢᠯ᠎ᠠ
ᠭᠡᠮ ᠨᠢ ᠲᠡᠳᠡᠨ ᠡᠴᠡ ᠪᠦᠲᠦᠨ ᠳᠡᠪᠡᠯ ᠲᠡᠢ ᠨᠢ ᠬᠣᠪᠣᠷ
ᠭᠡᠷ ᠨᠢ ᠪᠦᠷᠢᠶᠡᠰᠦ ᠰᠠᠶ᠋ᠢᠲᠠᠢ ᠡᠪᠦᠯᠵᠢᠯ᠎ᠡ ᠭᠡᠪᠡᠯ ᠬᠤᠳᠠᠯ

ᠠᠷᠪᠠᠨ ᠴᠢᠮᠡᠭ ᠲᠡᠢ ᠡᠮᠡᠭᠡᠯ ᠰᠠᠢᠨ ᠮᠣᠷᠢ ᠡᠷᠡᠴᠦᠳ ᠨᠢ ᠡᠲᠯᠡᠬᠦ ᠦᠭᠡᠢ
ᠠᠮᠠ ᠪᠠᠨ ᠮᠡᠳᠡᠬᠦ ᠦᠭᠡᠢ ᠦᠷᠢᠶ᠎ᠡ ᠲᠡᠢ ᠪᠥᠭ ᠪᠥᠭ ᠱᠣᠭᠰᠢᠵᠠᠭᠠᠨ᠎ᠠ
ᠬᠡᠦᠬᠡᠨ ᠨᠤᠭᠦᠳ ᠨᠢ ᠭᠤᠷᠪᠠᠨ ᠨᠠᠭᠠᠳᠤᠮ ᠢ᠋ᠶ᠋ᠠᠷ ᠳᠡᠪᠡᠯ ᠢ᠋ᠶ᠋ᠡᠨ ᠰᠣᠯᠢᠬᠤ ᠦᠭᠡᠢ
ᠬᠡᠦᠬᠡᠳ ᠦ᠋ᠳ ᠨᠢ ᠴᠠᠰᠤ ᠣᠷᠣᠲᠠᠯ᠎ᠠ ᠭᠤᠲᠤᠯ ᠤ᠋ᠨ ᠪᠠᠷ᠎ᠠ ᠬᠠᠷᠠᠬᠤ ᠦᠭᠡᠢ

ᠬᠣᠨᠢᠨ ᠳ᠋ᠠᠭᠠᠨ ᠪᠠᠷᠤᠭᠲᠠᠢ ᠳ᠋ᠤ᠌ ᠬᠦᠷᠬᠦ ᠦᠭᠡᠢ᠂ ᠵᠡᠭᠡᠷ᠎ᠡ ᠭᠥᠷᠦᠭᠡᠰᠦᠭᠡᠨ ᠡᠷᠭᠢᠭᠦᠯᠵᠦ
ᠬᠣᠯᠠ ᠠ᠋ᠴᠠ ᠭᠡᠶ᠋ᠢᠴᠢᠨ ᠢᠷᠡᠪᠡᠯ ᠬᠣᠭᠣᠷᠮᠠᠭ ᠲᠠᠷᠠᠭᠬᠠᠨ ᠳᠥᠬᠥᠭᠦᠯᠴᠢᠬᠡᠨ᠎ᠡ
ᠭᠠᠭᠴᠠ ᠬᠠᠶ᠋ᠢᠷᠴᠠᠭ ᠴᠦᠳᠡᠩᠵᠡ ᠠᠶ᠋ᠢᠯ ᠨᠢ ᠭᠤᠶᠤᠬᠤ ᠳ᠋ᠤ᠌
ᠭᠠᠯ ᠭᠠᠷᠭᠠᠳᠠᠭ ᠦᠭᠡᠢ ᠡᠳᠦᠷ ᠠ᠋  ᠭᠡᠳ ᠬᠠᠯᠭᠠᠯ ᠦᠭᠡᠢ ᠪᠤᠴᠠᠭᠠᠴᠢᠬᠠᠨ᠎ᠠ

ᠬᠠᠪᠢ ᠶ᠋ᠢᠨ ᠤᠯᠤᠰ ᠠᠮᠢᠲᠠᠨ ᠬᠥᠬᠡ ᠢᠨᠢᠶᠡᠳᠦ ᠪᠡᠨ ᠪᠠᠷᠠᠵᠤ
ᠬᠠᠷᠠᠮᠴᠢ ᠮᠠᠭᠤ ᠶ᠋ᠢᠨ ᠦᠯᠢᠭᠡᠷ ᠦᠭᠡ ᠶ᠋ᠢᠨ ᠬᠠᠴᠠᠷ ᠪᠣᠯᠭᠠᠨ᠎ᠠ
ᠲᠡᠷᠡ ᠯᠠ ᠶᠠᠩᠵᠤ ᠪᠠᠷ ᠣᠨ ᠵᠢᠯ ᠦ᠋ᠳ ᠥᠩᠭᠡᠷᠡᠭᠰᠡᠭᠡᠷ
ᠲᠡᠷᠲᠡᠭᠡ ᠵᠢᠯ ᠭᠡᠨᠡᠳᠲᠡᠬᠡᠨ ᠳᠠᠶ᠋ᠢᠨ ᠭᠠᠷᠪᠠ

ᠬᠠᠯᠬ᠎ᠠ ᠶ᠋ᠢᠨ ᠭᠣᠣᠯ ᠤᠷᠤᠭᠤ ᠠᠭᠲᠠ ᠲᠠᠭᠤᠬᠤ ᠶᠠᠭᠤᠮ᠎ᠠ ᠪᠣᠯᠵᠤ᠂ 

ᠬᠠᠮᠤᠭ ᠤ᠋ᠨ ᠣᠪᠣᠭ᠎ᠠ ᠭᠡᠰᠡᠨ ᠊ᠢ ᠪᠡᠨ ᠪᠦᠷ ᠡᠩ ᠦ᠋ᠨ ᠬᠢ ᠨᠢ ᠬᠥᠲᠥᠯᠵᠦ ᠢᠷᠡᠵᠡᠭᠡᠪᠡ᠃
ᠬᠠᠷᠠᠮᠴᠢ ᠶ᠋ᠢᠨ ᠬᠢᠨ ᠶᠠᠭᠠᠬᠢᠳᠠᠭ ᠪᠣᠯ ᠂ 

ᠭᠠᠷ ᠲᠡᠨᠢᠢᠬᠦ ᠦᠭᠡᠢ ᠳᠡ ᠭᠡᠵᠦ ᠬᠠᠷ᠎ᠠ ᠠᠮᠠᠯᠠᠵᠠᠭᠠᠭᠰᠠᠨ ᠤᠯᠤᠰ ᠭᠠᠶ᠋ᠢᠬᠠᠵᠤ ᠭᠦᠢᠴᠡᠪᠡ᠃

ᠰᠤᠨᠤᠯᠵᠠᠭᠰᠠᠨ ᠤᠷᠭ᠎ᠠ ᠪᠠᠨ ᠪᠠᠷᠢᠭᠰᠠᠭᠠᠷ ᠮᠠᠨᠢ ᠬᠠᠷᠠᠮᠴᠢ ᠶ᠋ᠢᠨ ᠬᠢᠨ
ᠰᠤᠮᠤ ᠶ᠋ᠢᠨ ᠲᠥᠪ ᠳᠡᠭᠡᠷ᠎ᠡ ᠠᠳᠤᠭᠤ ᠪᠠᠨ ᠪᠠᠭᠰᠢᠷᠠᠲᠠᠯ᠎ᠠ ᠬᠤᠷᠢᠶᠠᠵᠤ ᠢᠷᠡᠯ᠎ᠡ᠃
ᠪᠤᠷᠤᠭᠤ ᠵᠥᠪ ᠦᠭᠡᠢ ᠨᠣᠮᠣᠬᠠᠨ ᠠᠯᠢ ᠬᠤᠷᠳᠤᠨ ᠬᠤᠷᠴᠠ ᠶ᠋ᠢ ᠪᠡᠨ
ᠪᠤᠵᠠᠷ ᠳᠠᠶ᠋ᠢᠰᠤᠨ ᠢ᠋ ᠨᠠᠮᠨᠠᠬᠤ ᠪᠠᠭᠠᠲᠤᠷ  ᠤ᠋ᠨ ᠬᠦᠯᠦᠭ ᠪᠣᠯ ᠭᠡᠵᠦ ᠥᠭᠭᠦᠴᠢᠭᠡᠯ᠎ᠡ ᠃

ᠠᠭᠲᠠ ᠨᠢ ᠬᠥᠳᠡᠯᠦᠭᠡᠳ ᠬᠡᠳᠦᠬᠡᠨ ᠬᠣᠨᠣᠲᠠᠯ᠎ᠠ
ᠠᠬ᠎ᠠ ᠳᠡᠭᠦᠦ ᠬᠣᠶᠠᠷ ᠬᠠᠷᠠᠮᠴᠢ ᠬᠣᠶᠠᠭᠤᠯᠠ ᠪᠠᠨ ᠴᠡᠷᠢᠭ ᠲᠦ᠍ ᠮᠣᠷᠳᠠᠭᠰᠠᠨ ᠶᠤᠮ᠃
ᠬᠣᠰᠢᠭᠤ ᠨᠤᠲᠤᠭ ᠲᠠᠭᠠᠨ ᠠᠯᠳᠠᠷᠲᠠᠢ ᠬᠠᠷᠠᠮᠴᠢ ᠡᠴᠢᠭᠡ ᠨᠢ
ᠬᠣᠶᠠᠷ ᠬᠦᠦ ᠪᠡᠨ ᠠᠮᠢᠲᠠᠨ ᠠᠴᠠ ᠲᠦᠷᠦᠭᠦᠨ ᠴᠡᠷᠢᠭ ᠲᠦ᠍ ᠦᠭᠭᠦᠭᠰᠡᠨ ᠶᠦ᠍ᠮ

ᠴᠤᠷᠮ᠎ᠠ ᠬᠢᠯᠭᠦᠢ ᠬᠦᠯᠢᠶᠡᠬᠦ ᠡᠵᠢ ᠨᠢ ᠬᠣᠶᠠᠷ ᠬᠦᠦ ᠪᠡᠨ ᠬᠠᠷᠠᠮᠯᠠᠭᠰᠠᠨ ᠦᠭᠡᠢ᠂ 

ᠴᠤᠷᠬᠢᠷᠠᠲᠠᠯ᠎ᠠ ᠤᠬᠢᠯᠠᠬᠤ ᠭᠡᠷᠭᠡᠢ ᠨᠢ ᠬᠠᠨᠢ ᠪᠠᠨ ᠬᠠᠷᠠᠮᠯᠠᠭᠰᠠᠨ ᠦᠭᠡᠢ᠃
ᠴᠤᠤᠲᠠᠢ ᠬᠠᠷᠠᠮᠴᠢ ᠶ᠋ᠢᠨ ᠬᠢᠨ ᠶᠠᠭᠤ ᠪᠠᠨ ᠴᠤ᠌ ᠬᠠᠷᠠᠮᠯᠠᠭᠰᠠᠨ ᠦᠭᠡᠢ 

ᠪᠦᠷᠢᠶᠡᠨ ᠳᠠᠭᠤᠨ ᠢ᠋ᠶ᠋ᠠᠷ ᠨᠥᠬᠥᠳ ᠢ᠋ᠶ᠋ᠡᠨ ᠳᠠᠪᠰᠢᠬᠤ ᠴᠠᠭ ᠲᠤ᠌
ᠪᠦᠭᠦᠳᠡ ᠶ᠋ᠢᠨ ᠲᠦᠷᠦᠭᠦᠨ ᠳ᠋ᠦ᠍ ᠬᠣᠶᠠᠷ ᠬᠠᠷᠠᠮᠴᠢ ᠶᠠᠪᠤᠭᠰᠠᠨ ᠭᠡᠳᠡᠭ ᠶᠦ᠍ᠮ 

ᠰᠤᠮᠤ ᠪᠠᠨ ᠬᠠᠷᠠᠮᠯᠠᠵᠤ ᠪᠠᠶ᠋ᠢᠵᠤ᠂ ᠡᠨᠡ ᠬᠣᠶᠠᠷ ᠰᠦᠢᠳ ᠪᠣᠯᠤᠨ᠎ᠠ ᠳᠠ  ᠭᠡᠵᠦ
ᠰᠤᠮᠤᠨ ᠰᠠᠯᠠᠭᠠᠨ ᠤ᠋ ᠬᠢᠨ ᠳᠣᠭᠣᠭᠢᠯᠠᠵᠤ ᠦᠯᠡᠳᠡᠭᠰᠡᠨ ᠭᠡᠳᠡᠭ᠃
ᠤᠨᠠᠬᠤ ᠶ᠋ᠢᠨ ᠤᠴᠢᠷ ᠦᠭᠡᠢ ᠠᠭᠤᠯᠠ ᠰᠢᠭ᠋ ᠬᠣᠶᠠᠷ ᠰᠠᠢᠬᠠᠨ ᠬᠠᠷ᠎ᠠ ᠬᠦᠦ
ᠤᠷᠭᠤᠬᠤ ᠶ᠋ᠢᠨ ᠤᠯᠠᠭᠠᠨ ᠨᠠᠷᠠᠨ ᠢ᠋ᠶ᠋ᠠᠷ ᠬᠣᠶᠠᠭᠤᠯᠠ ᠪᠠᠨ ᠤᠨᠠᠭᠰᠠᠨ ᠭᠡᠳᠡᠭ ᠶᠦ᠍ᠮ 

ᠬᠠᠮᠤᠭ ᠤ᠋ᠨ ᠬᠦᠨᠳᠦ ᠮᠥᠴᠡ ᠳ᠋ᠦ᠍
ᠡᠬᠡ ᠣᠷᠣᠨ ᠲᠠᠨ ᠠᠴᠠ ᠪᠠᠨ ᠬᠠᠷᠠᠮᠴᠢ ᠶ᠋ᠢᠨ ᠬᠢᠨ ᠠᠮᠢ ᠪᠠᠨ ᠪᠠᠰᠠ ᠬᠠᠷᠠᠮᠯᠠᠭᠰᠠᠨ ᠦᠭᠡᠢ᠃