ᠬᠠᠪᠤᠷ  ᠤ᠋ᠨ ᠤᠶᠠᠩᠭ᠎ᠠ -ᠰᠡᠳᠮᠠᠨᠢKhavryn uyanga-SadmaaniХаврын уянга-Садмаани ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ  ᠤ᠋ᠨ ᠤᠶᠠᠩᠭ᠎ᠠ -ᠰᠡᠳᠮᠠᠨᠢKhavryn uyanga-SadmaaniХаврын уянга-Садмаани

ᠬᠠᠪᠤᠷ  ᠤ᠋ᠨ ᠤᠶᠠᠩᠭ᠎ᠠ -ᠰᠡᠳᠮᠠᠨᠢKhavryn uyanga-SadmaaniХаврын уянга-Садмаани

2026-03-26

2539

ᠬᠠᠪᠤᠷ  ᠤ᠋ᠨ ᠤᠶᠠᠩᠭ᠎ᠠ


        ᠵᠣᠬᠢᠶᠠᠭᠴᠢ᠄ ᠭᠦᠩᠭᠠᠷ 
       ᠤᠶᠠᠩᠭᠠᠯᠠᠭᠴᠢ᠄ ᠰᠡᠳᠮᠠᠨᠢ 

 ᠬᠠᠪᠤᠷ ᠰᠠᠭᠠᠲᠠᠵᠤ ᠬᠠᠭᠳᠠ ᠬᠥᠬᠡᠷᠡᠭᠡᠳ 
 ᠬᠠᠷᠠᠭ᠎ᠠ ᠲᠠᠯᠠᠮ᠎ᠠ ᠴᠡᠯᠡᠭᠡᠷ ᠭᠣᠶᠣᠬᠠᠨ 
 ᠬᠠᠢᠷ᠎ᠠ ᠢᠪᠢᠯᠭᠡᠵᠦ ᠰᠡᠳᠬᠢᠯ ᠬᠥᠭᠰᠡᠭᠡᠬᠦ 
 ᠬᠠᠨᠢ  ᠶ᠋ᠢᠨ ᠵᠠᠶᠠᠭᠠᠨ  ᠤ᠋ ᠮᠥᠩᠬᠡ ᠬᠠᠭᠤᠳᠠᠰᠤ ᠠ᠋! 

 ᠬᠦᠯᠦᠭ ᠳᠣᠪᠲᠣᠯᠭᠠᠵᠤ ᠬᠦᠰᠡᠯ ᠡᠷᠴᠢᠯᠡᠭᠡᠳ 
 ᠬᠦᠷᠡᠩ ᠵᠢᠷᠦᠬᠡᠨ᠎ᠡ ᠢᠲᠡᠭᠡᠯ ᠪᠠᠳᠠᠷᠠᠭᠤᠨ 
 ᠬᠥᠳᠡᠯᠮᠦᠷᠢ  ᠳ᠋ᠦ᠍ ᠴᠠᠭᠠᠷᠠᠵᠤ ᠴᠢᠳᠠᠪᠤᠷᠢ ᠡᠵᠡᠮᠳᠡᠬᠦ
 ᠬᠥᠮᠦᠨ ᠵᠤᠨ  ᠤ᠋ ᠠᠮᠢᠳᠤᠷᠠᠯ  ᠤ᠋ᠨ ᠲᠤᠤᠯᠢᠰ ᠠ᠋!

 ᠮᠥᠰᠥ ᠬᠠᠢᠯᠵᠤ ᠭᠣᠣᠯ ᠭᠤᠷᠴᠢᠭᠢᠨᠠᠬᠤ
 ᠬᠠᠨ ᠬᠣᠷᠸ᠎ᠠ  ᠶ᠋ᠢᠨ ᠵᠢᠮ᠎ᠡ ᠶᠣᠰᠣᠨ
 ᠮᠥᠮᠥ  ᠶ᠋ᠢᠨ ᠡᠨᠡᠷᠢᠯ ᠠᠪᠤ  ᠶ᠋ᠢᠨ ᠰᠤᠷᠭᠠᠯ
 ᠬᠠᠷ᠎ᠠ ᠲᠦᠷᠦᠭᠦᠲᠦᠨ  ᠦ᠌ ᠰᠣᠳᠣᠨ ᠪᠦᠷᠢᠯᠸ᠎ᠠ ᠠ᠋!

 ᠬᠤᠷ᠎ᠠ ᠪᠠᠭᠤᠵᠤ ᠬᠥᠷᠥᠰᠥ ᠰᠢᠮᠡᠵᠢᠭᠡᠳ
 ᠬᠣᠯᠠ  ᠶ᠋ᠢᠨ ᠠᠭᠤᠯᠠᠰ ᠬᠥᠬᠡᠮᠳᠦᠭ ᠨᠣᠭᠣᠭᠠᠨ
 ᠬᠤᠷᠴᠠ ᠮᠡᠳᠡᠷᠡᠮᠵᠢ ᠰᠣᠪᠢᠩ ᠤᠬᠠᠭᠠᠨ
 ᠬᠤᠪᠢ ᠲᠠᠪᠢᠯᠠᠩᠲᠤ ᠷᠢᠳᠢ ᠰᠢᠳᠢ ᠠ᠋!

 ᠵᠡᠷᠭᠡᠯᠭᠡᠨᠲᠦ ᠬᠥᠳᠡᠭᠡ ᠢᠷᠠᠢᠬᠤ ᠰᠦᠷᠦᠭ
 ᠤᠤᠭᠠᠯ ᠨᠤᠲᠤᠭ  ᠤ᠋ᠨ ᠭᠠᠩᠭᠠᠩ ᠦᠵᠡᠮᠵᠢ
 ᠵᠢᠷᠦᠬᠡᠨ ᠭᠡᠷ ᠭᠠᠯ ᠭᠣᠯᠣᠮᠲᠠ
 ᠣᠷᠣᠰᠢᠨ ᠲᠣᠭᠲᠠᠨᠢᠬᠤ  ᠶ᠋ᠢᠨ ᠪᠠᠲᠤ ᠰᠠᠬᠢᠶ᠎ᠠ ᠠ᠋!

      ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
      ᠬᠢᠨᠠᠭᠴᠢ᠄ ᠭᠦᠩᠭᠠᠷ