ᠤᠪᠠᠳᠢᠰ ᠲᠡᠭᠦᠰ ᠨᠣᠮ ᠪᠢᠴᠢᠭ ᠢ᠋ ᠤᠩᠰᠢᠵᠤ ᠣᠯᠳᠣᠢ ᠬᠣᠭᠣᠰᠣᠨ ᠢ᠋ᠶ᠋ᠠᠨ ᠪᠥᠭᠯᠡᠭᠡᠷᠡᠢ - ᠵᠣᠬᠢᠶᠠᠭᠴᠢ ᠄ ᠴᠢᠩ ᠶᠠᠩ᠂ ᠪᠠᠢ ᠶ᠋ᠢᠨ ᠱᠧᠩ ᠮᠣᠩᠭᠣᠯᠴᠢᠯᠠᠪᠠ Увдис төгс ном бичгийг уншиж олдой хоосноо бөглөөрэй - зохиогч ᠄ Чин ян᠂ Бай жин шен м
ᠤᠪᠠᠳᠢᠰ ᠲᠡᠭᠦᠰ ᠨᠣᠮ ᠪᠢᠴᠢᠭ ᠢ᠋ ᠤᠩᠰᠢᠵᠤ ᠣᠯᠳᠣᠢ ᠬᠣᠭᠣᠰᠣᠨ ᠢ᠋ᠶ᠋ᠠᠨ ᠪᠥᠭᠯᠡᠭᠡᠷᠡᠢ
ᠵᠣᠬᠢᠶᠠᠭᠴᠢ ᠄ ᠴᠢᠩ ᠶᠠᠩ
— ᠪᠠᠢ ᠶ᠋ᠢᠨ ᠱᠧᠩ ᠮᠣᠩᠭᠣᠯᠴᠢᠯᠠᠪᠠ
ᠬᠡᠷᠪᠡ ᠬᠡᠷᠡᠭ ᠳᠡᠮᠡᠢ ᠬᠢᠳᠡᠯ ᠠᠯᠳᠠᠭᠠᠳ ᠪᠠᠢᠪᠠᠯ᠂ᠬᠡᠰᠢᠭ ᠬᠣᠨᠲᠣᠯ ᠣᠯᠭᠣᠳᠠᠭ ᠠ᠋ᠴᠠ ᠨᠣᠮ ᠪᠢᠴᠢᠭ ᠢ᠋ ᠤᠩᠰᠢᠭᠠᠷᠠᠢ᠃ ᠦᠦᠭᠡ ᠲᠡᠦᠬᠡ ᠴᠢᠮ᠎ᠠ ᠳ᠋ᠤ᠌ ᠦᠷᠬᠦᠢ ᠨᠢᠭᠡ ᠨᠠᠰᠤ ᠪᠠᠨ ᠶᠠᠭᠠᠬᠢᠵᠤ ᠥᠩᠭᠡᠷᠡᠭᠡᠬᠦ ᠶ᠋ᠢ ᠶᠠᠷᠢᠵᠤ᠂ ᠤᠷᠢᠳᠤ ᠶ᠋ᠢᠨ ᠬᠥᠮᠦᠰ ᠴᠢᠮ᠎ᠠ ᠳ᠋ᠤ᠌ ᠠᠯᠢ ᠬᠢᠷᠢ ᠵᠡᠷᠭᠡ ᠶ᠋ᠢᠨ ᠬᠥᠮᠦᠨ ᠪᠣᠯᠬᠤ ᠶ᠋ᠢ ᠵᠢᠭᠠᠵᠤ᠂ ᠠᠯᠳᠠᠷᠲᠤ ᠶᠡᠬᠡ ᠪᠠᠭᠰᠢ ᠨᠠᠷ ᠴᠢᠮ᠎ᠠ ᠳ᠋ᠤ᠌ ᠠᠮᠵᠢᠯᠲᠠ ᠳ᠋ᠤ᠌ ᠬᠡᠷᠬᠢᠨ ᠬᠦᠷᠬᠦ ᠶ᠋ᠢ ᠮᠡᠳᠡᠭᠦᠯᠵᠦ᠂ ᠠᠭᠤᠤ ᠶᠡᠬᠡ ᠬᠥᠮᠦᠰ ᠴᠢᠮ᠎ᠠ ᠳ᠋ᠤ᠌ ᠠᠤᠭ᠎ᠠ ᠭᠠᠢᠬᠠᠮᠰᠢᠭ ᠢ᠋ ᠡᠢᠵᠦ ᠪᠦᠲᠦᠭᠡᠬᠦ ᠶ᠋ᠢ ᠰᠤᠷᠭᠠᠨ᠎ᠠ᠃ ᠰᠡᠯᠲᠡ ᠳ᠋ᠦ᠍ ᠨᠢ ᠴᠠᠭ ᠮᠥᠴᠡ ᠴᠢᠮ᠎ᠠ ᠳ᠋ᠤ᠌ — ᠤᠤᠯ ᠠ᠋ᠴᠠ ᠲᠡᠷᠡ ᠲᠥᠷᠥᠯᠬᠢᠲᠡᠨ ᠲᠦᠮᠡᠨ ᠬᠥᠮᠦᠨ ᠳ᠋ᠦ᠍ ᠲᠡᠭᠰᠢ ᠭᠣᠣᠯᠴᠢ ᠪᠠᠷ ᠬᠠᠨᠳᠤᠳᠠᠭ ᠠᠲᠠᠯ᠎ᠠ ᠲᠡᠭᠦᠨ ᠦ᠌ ᠳᠣᠲᠣᠷᠠᠬᠢ ᠵᠠᠷᠢᠮᠠᠳ ᠨᠢ ᠶᠠᠭᠠᠬᠢᠬᠤ ᠳ᠋ᠠᠭᠠᠨ ᠴᠠᠭ ᠮᠥᠴᠡ ᠴᠠᠷᠢᠭᠤᠨ ᠤᠷᠲᠤ ᠭᠡᠵᠦ ᠰᠢᠷ᠎ᠠ ᠬᠦᠷᠴᠦ ᠵᠠᠷᠢᠮ ᠨᠢ ᠶᠠᠭᠠᠬᠢᠬᠤ ᠳ᠋ᠠᠭᠠᠨ ᠴᠠᠭ ᠮᠥᠴᠡ ᠬᠡᠲᠦᠷᠬᠡᠢ ᠣᠬᠣᠷ ᠭᠡᠵᠦ ᠬᠠᠷ᠎ᠠ ᠬᠦᠷᠳᠡᠭ ᠵᠢᠭᠠᠨ᠎ᠠ᠃
ᠬᠡᠷᠪᠡ ᠬᠣᠭᠣᠰᠣᠨ ᠬᠣᠩᠭᠢᠯᠳᠠᠭ ᠬᠣᠯᠠᠢ ᠡᠯᠡᠢ ᠰᠠᠨᠠᠭᠳᠠᠪᠠᠯ᠂ ᠬᠦᠴᠦ ᠡᠷᠴᠢ ᠣᠯᠭᠣᠳᠠᠭ ᠠ᠋ᠴᠠ ᠨᠣᠮ ᠪᠢᠴᠢᠭ ᠢ᠋ ᠤᠩᠰᠢᠭᠠᠷᠠᠢ᠃ ᠲᠡᠭᠡᠪᠡᠯ ᠲᠠ ᠠᠳᠠᠭ ᠪᠠᠭ᠎ᠠ ᠳ᠋ᠠᠭᠠᠨ ᠠᠴᠢ ᠲᠤᠰᠠ ᠲᠠᠢ ᠨᠢᠭᠡᠨ ᠵᠤᠷᠪᠤᠰ ᠬᠥᠮᠦᠨ ᠦ᠌ ᠠᠮᠢᠳᠤᠷᠠᠯ ᠤ᠋ᠨ ᠬᠠᠪᠤᠲᠤ ᠦᠭᠡ ᠶ᠋ᠢ ᠤᠢᠯᠠᠨ ᠬᠠᠶᠠ ᠬᠥᠮᠦᠨ ᠬᠥᠮᠦᠨ ᠦ᠌ ᠠᠮᠢᠳᠤᠷᠠᠯ ᠤ᠋ᠨ ᠬᠠᠨ ᠰᠠᠷᠢᠳᠠᠭ ᠳᠡᠭᠡᠷ᠎ᠡ ᠭᠠᠷᠤᠭᠰᠠᠨ ᠨᠢ ᠬᠡᠵᠢᠶᠡᠳᠡ ᠵᠣᠭᠰᠣᠰᠢ ᠦᠭᠡᠢ ᠮᠠᠴᠤᠵᠤ᠂ᠬᠠᠯᠲᠤᠷᠢᠵᠤ ᠣᠢᠴᠢᠭᠰᠠᠨ ᠴᠤ᠌ ᠬᠠᠯᠠᠰᠢᠷᠠᠯ ᠦᠭᠡᠢ ᠤᠷᠤᠭᠰᠢᠯᠠᠭᠰᠠᠨ ᠠ᠋ᠴᠠ ᠯᠠ ᠪᠣᠯᠵᠠᠢ ᠭᠡᠳᠡᠭ ᠢ᠋ ᠮᠡᠳᠡᠵᠦ᠂ᠬᠠᠶᠠ ᠬᠥᠮᠦᠨ ᠬᠠᠮᠤᠭ ᠨᠢᠭᠡ ᠨᠠᠰᠤ ᠪᠠᠷ ᠢ᠋ᠶ᠋ᠠᠨ ᠬᠠᠷᠠᠩᠭᠤᠢ ᠬᠦᠢᠲᠡᠨ ᠠᠩᠭᠠᠯ ᠳ᠋ᠤ᠌ ᠰᠠᠭᠤᠭᠰᠠᠨ ᠨᠢ ᠬᠠᠯᠲᠤᠷᠢᠵᠤ ᠣᠢᠴᠢᠭᠰᠠᠨ ᠠ᠋ᠴᠠ ᠪᠠᠨ ᠬᠠᠳᠠᠨ ᠰᠢᠨᠳᠠᠰᠤ ᠵᠢᠭᠠᠵᠤ ᠪᠣᠰᠤᠭᠰᠠᠨ ᠦᠭᠡᠢ — ᠬᠠᠭᠠᠰ ᠨᠠᠰᠤ ᠪᠠᠷ ᠢ᠋ᠶ᠋ᠠᠨ ᠰᠢᠷᠬ᠎ᠠ ᠪᠠᠨ ᠳᠣᠯᠢᠶᠠᠵᠤ᠂ ᠬᠠᠷ᠎ᠠ ᠰᠡᠭᠦᠷᠡᠰᠦ ᠤᠯᠠᠭᠠᠨ ᠨᠢᠯᠪᠤᠰᠤ ᠠᠰᠬᠠᠷᠠᠭᠤᠯᠤᠨ᠂ ᠬᠥᠮᠦᠨ ᠳ᠋ᠦ᠍ ᠰᠢᠯᠲᠠᠵᠤ ᠲᠡᠭᠷᠢ ᠳ᠋ᠦ᠍ ᠭᠣᠮᠣᠳᠠᠭᠰᠠᠨ ᠠ᠋ᠴᠠ ᠪᠣᠯᠵᠠᠢ ᠭᠡᠳᠡᠭ ᠢ᠋ ᠰᠠᠷᠠᠨ᠎ᠠ᠃
ᠬᠡᠷᠪᠡ ᠬᠣᠬᠢᠮᠠᠢ ᠭᠠᠭᠴᠠᠭᠠᠷᠳᠠᠯ ᠬᠦᠢᠲᠡᠨ ᠵᠢᠯᠮᠡᠬᠡᠷ ᠰᠠᠨᠠᠭᠳᠠᠪᠠᠯ᠂ ᠬᠠᠢᠷ᠎ᠠ ᠪᠠ ᠢᠯᠴᠢ ᠣᠯᠭᠣᠳᠠᠭ ᠠ᠋ᠴᠠ ᠨᠣᠮ ᠪᠢᠴᠢᠭ ᠢ᠋ ᠤᠩᠰᠢᠭᠠᠷᠠᠢ᠃ ᠬᠡᠰᠡᠭ ᠴᠠᠭ ᠬᠡᠷᠡᠭᠰᠡᠨ ᠬᠡᠰᠡᠭ ᠣᠶᠤᠨ ᠰᠡᠭᠡᠭᠡ ᠣᠯᠵᠤ᠂ ᠬᠣᠪᠣᠷ ᠠᠯᠲᠠ ᠰᠢᠭ᠋ ᠴᠠᠭ ᠮᠥᠴᠡᠨ ᠦ᠌ ᠭᠣᠷᠣᠬ᠎ᠠ ᠬᠦᠨᠳᠦ ᠶ᠋ᠢᠨ ᠬᠦᠨᠳᠦ ᠰᠦᠭ ᠰᠦᠨᠡᠰᠦᠨ ᠡᠴᠡ ᠴᠢᠨᠢ ᠬᠡᠷᠡᠭ ᠳᠡᠮᠡᠢ ᠤᠷᠤᠰᠤᠨ ᠥᠩᠭᠡᠷᠡᠬᠦ ᠶ᠋ᠢ ᠬᠡᠷᠰᠡᠦᠯᠡᠭᠡᠷᠡᠢ᠃ ᠮᠥᠨ ᠬᠦᠢᠲᠡᠨ ᠴᠡᠪᠳᠡᠭ ᠤᠷᠮᠠᠰ ᠰᠡᠳᠬᠢᠯᠭᠡ ᠪᠡᠷ ᠬᠡᠵᠢᠶᠡᠳᠡ ᠪᠤᠤ ᠬᠥᠨᠳᠡᠭᠦᠷᠯᠡᠨ ᠰᠡᠪᠲᠦᠭᠰᠡᠨ ᠰᠡᠳᠬᠢᠯ ᠰᠠᠨᠠᠭ᠎ᠠ ᠪᠠᠨ ᠮᠡᠷᠡᠭᠦᠯ᠃ ᠣᠯᠢᠭ ᠦᠭᠡᠢ ᠤᠷᠲᠤ ᠶ᠋ᠢᠨ ᠤᠷᠲᠤ ᠥᠪᠡᠷ ᠦ᠋ᠨ ᠲᠣᠭᠣᠮᠰᠠᠷᠠᠯ ᠪᠠ ᠥᠴᠦᠬᠡᠨ ᠬᠤᠪᠢ ᠶ᠋ᠢᠨ ᠭᠤᠨᠢᠶᠠᠯ ᠢ᠋ᠶ᠋ᠠᠨ ᠡᠷᠡᠭ ᠲᠤᠷᠠᠭ ᠦᠭᠡᠢ ᠲᠠᠶᠠᠭᠳᠠᠵᠤ᠂ᠰᠦᠷᠦᠭ ᠡᠴᠡ ᠪᠡᠨ ᠰᠠᠯᠵᠤ ᠰᠡᠯᠡᠭᠦᠨ ᠵᠡᠯᠢᠭᠦᠳ ᠲᠦ᠍ ᠬᠡᠯᠪᠡᠢᠭᠰᠡᠨ ᠰᠠᠭᠠᠷ ᠮᠠᠭᠤ ᠭᠡᠶᠦᠷᠡᠯ ᠭᠠᠨᠢᠷᠬᠠᠯ ᠠ᠋ᠴᠠ ᠪᠠᠨ ᠬᠠᠭᠠᠴᠠ᠃ ᠬᠡᠷᠪᠡ ᠬᠡᠨ ᠴᠦ᠍ ᠭᠡᠳ ᠴᠢᠮ᠎ᠠ ᠶ᠋ᠢ ᠬᠡᠷᠡᠭᠰᠡᠬᠦ ᠦᠭᠡᠢ᠂ ᠴᠢᠮ᠎ᠠ ᠶ᠋ᠢ ᠰᠠᠨᠠᠭᠠᠯᠵᠠᠬᠤ ᠦᠭᠡᠢ᠂ ᠴᠢᠮ᠎ᠠ ᠶ᠋ᠢ ᠳᠤᠷᠠᠰᠬᠤ ᠦᠭᠡᠢ ᠪᠣᠯ ᠴᠢᠨᠦ ᠠᠮᠢ ᠨᠠᠰᠤ ᠡᠭᠡᠨᠡᠭᠲᠡ ᠶᠠᠮᠠᠷ ᠴᠤ᠌ ᠤᠳᠬ᠎ᠠ ᠠᠭᠤᠯᠭ᠎ᠠ ᠦᠭᠡᠢ ᠪᠣᠯᠤᠨ᠎ᠠ ᠰᠢᠦ ᠳᠡ᠃
ᠬᠡᠷᠪᠡ ᠬᠠᠬᠢᠷ ᠡᠯᠡᠢᠷᠡᠯ ᠬᠥᠨᠳᠡᠢ ᠬᠣᠩᠰᠣᠭᠣᠷ ᠰᠠᠨᠠᠭᠳᠠᠪᠠᠯ᠂ ᠬᠥᠷ ᠤᠷᠮ᠎ᠠ ᠣᠯᠭᠣᠳᠠᠭ ᠠ᠋ᠴᠠ ᠨᠣᠮ ᠪᠢᠴᠢᠭ ᠢ᠋ ᠤᠩᠰᠢᠭᠠᠷᠠᠢ᠃ ᠨᠣᠮ ᠪᠢᠴᠢᠭ ᠴᠢᠮ᠎ᠠ ᠳ᠋ᠤ᠌ ᠶᠠᠭᠠᠬᠢᠬᠤ ᠳ᠋ᠠᠭᠠᠨ ᠵᠠᠷᠢᠮ ᠬᠥᠮᠦᠨ ᠡᠯᠡᠢᠷᠡᠯ ᠪᠢᠲᠡᠭᠦᠷᠡᠯ ᠲᠡᠢ᠂ ᠵᠠᠷᠢᠮ ᠬᠥᠮᠦᠨ ᠶᠠᠭᠠᠬᠢᠬᠤ ᠳ᠋ᠠᠭᠠᠨ ᠡᠯᠡᠢᠷᠡᠯ ᠪᠢᠲᠡᠭᠦᠷᠡᠯ ᠦᠭᠡᠢ ᠶ᠋ᠢ ᠬᠡᠯᠡᠵᠦ ᠥᠭᠬᠦ ᠪᠥᠭᠡᠳ ᠡᠯᠡᠢᠷᠡᠯ ᠬᠤᠢᠯᠠᠷᠠᠯ ᠦᠭᠡᠢ ᠠᠮᠢᠳᠤᠷᠠᠬᠤ ᠶ᠋ᠢᠨ ᠠᠨᠢᠰᠤ ᠶ᠋ᠢ ᠴᠦ᠍ ᠡᠷᠬᠡ ᠦᠭᠡᠢ ᠵᠢᠭᠠᠵᠤ ᠥᠭᠭᠦᠨ᠎ᠡ᠃ ᠬᠠᠭᠤᠴᠢ ᠬᠠᠳᠠᠭᠠᠯᠠᠭᠴᠢ ᠡᠯᠡᠢᠷᠡᠯ ᠪᠢᠲᠡᠭᠦᠷᠡᠯ ᠦᠭᠡᠢ᠂ ᠲᠤᠰᠬᠠᠢ ᠮᠡᠷᠭᠡᠵᠢᠯᠲᠡᠳ ᠡᠯᠡᠢᠷᠡᠯ ᠪᠢᠲᠡᠭᠦᠷᠡᠯ ᠦᠭᠡᠢ᠂ ᠤᠳᠬ᠎ᠠ ᠤᠷᠠᠯᠢᠭᠴᠢᠳ ᠡᠯᠡᠢᠷᠡᠯ ᠪᠢᠲᠡᠭᠦᠷᠡᠯ ᠦᠭᠡᠢ᠂ᠮᠡᠳᠡᠯᠭᠡ ᠬᠦᠭᠡᠭᠡᠴᠡᠭᠰᠡᠳ ᠤᠤᠯ ᠠ᠋ᠴᠠ ᠡᠯᠡᠢᠷᠡᠯ ᠪᠢᠲᠡᠭᠦᠷᠡᠯ ᠦᠭᠡᠢ᠃ ᠡᠨᠡᠴᠢᠯᠡᠨ ᠰᠤᠯᠠ ᠰᠡᠯᠡᠭᠦᠦ ᠬᠥᠮᠦᠨ ᠪᠣᠯ ᠡᠯᠡᠢᠷᠡᠯ ᠪᠢᠲᠡᠭᠦᠷᠡᠯ ᠲᠡᠢ ᠬᠥᠮᠦᠨ᠂ ᠬᠢᠳᠡᠯ ᠦᠭᠡᠢ ᠬᠥᠮᠦᠨ ᠪᠣᠯ ᠡᠯᠡᠢᠷᠡᠯ ᠪᠢᠲᠡᠭᠦᠷᠡᠯ ᠲᠡᠢ ᠬᠥᠮᠦᠨ᠂ ᠬᠣᠭᠣᠰᠣᠨ ᠭᠠᠷ ᠬᠥᠨᠳᠡᠢ ᠳᠣᠲᠣᠷ ᠲᠠᠢ ᠬᠥᠮᠦᠨ ᠪᠣᠯ ᠡᠯᠡᠢᠷᠡᠯ ᠪᠢᠲᠡᠭᠦᠷᠡᠯ ᠲᠡᠢ ᠬᠥᠮᠦᠨ᠂ ᠠᠵᠢᠯ ᠦᠢᠯᠡᠰ ᠦ᠋ᠨ ᠠᠮᠠᠯᠠᠭᠠ ᠦᠭᠡᠢ ᠬᠥᠮᠦᠨ᠂ ᠠᠮᠢ ᠨᠠᠰᠤ ᠪᠠᠨ ᠲᠠᠯᠠᠭᠠᠷ ᠥᠩᠭᠡᠷᠡᠭᠡᠳᠡᠭ ᠬᠥᠮᠦᠨ᠃
ᠬᠡᠷᠪᠡ ᠰᠤᠯᠠ ᠰᠡᠯᠡᠭᠦᠦ ᠴᠢᠯᠥᠭᠡ ᠲᠠᠢᠪᠤᠭᠤ ᠰᠠᠨᠠᠭᠳᠠᠪᠠᠯ᠂ ᠰᠠᠢᠨ ᠤ᠋ ᠦᠷ᠎ᠡ ᠣᠯᠭᠣᠳᠠᠭ ᠠ᠋ᠴᠠ ᠨᠣᠮ ᠪᠢᠴᠢᠭ ᠢ᠋ ᠤᠩᠰᠢᠭᠠᠷᠠᠢ᠃ ᠨᠣᠮ ᠪᠢᠴᠢᠭ ᠴᠢᠮ᠎ᠠ ᠳ᠋ᠤ᠌ ᠬᠠᠶᠠ ᠬᠥᠮᠦᠨ ᠰᠤᠯᠠ ᠰᠡᠯᠡᠭᠦᠦ ᠶ᠋ᠢ ᠠᠰᠢᠭᠯᠠᠨ ᠰᠢᠮ᠎ᠡ ᠮᠡᠳᠡᠯᠭᠡ ᠶ᠋ᠢᠨ ᠰᠤᠪᠤᠳ ᠱ᠌ᠢᠷᠦ ᠱᠦᠭᠦᠵᠦ᠂ᠬᠠᠶᠠ ᠬᠥᠮᠦᠨ ᠴᠢᠯᠥᠭᠡ ᠲᠠᠢᠪᠤᠭᠤ ᠶ᠋ᠢ ᠦᠷᠡᠨ ᠴᠢᠷᠮᠠᠢᠯᠲᠠ ᠣᠯᠤᠯᠲᠠ ᠦᠭᠡᠢ ᠬᠣᠬᠢᠶᠠ ᠳᠣᠷᠣᠮᠵᠢ ᠪᠣᠯᠬᠤ ᠶ᠋ᠢ ᠬᠡᠯᠡᠵᠦ ᠥᠭᠭᠦᠨ᠎ᠡ᠃ ᠬᠠᠶᠠ ᠬᠥᠮᠦᠨ ᠦ᠌ ᠴᠠᠭ ᠮᠥᠴᠡ ᠬᠡᠵᠢᠶᠡᠳᠡ ᠬᠦᠷᠦᠯᠴᠡᠬᠦ ᠦᠭᠡᠢ ᠪᠠᠢᠬᠤ ᠳ᠋ᠤ᠌᠂ ᠬᠠᠶᠠ ᠬᠥᠮᠦᠨ ᠦ᠌ ᠴᠠᠭ ᠮᠥᠴᠡ ᠬᠡᠵᠢᠶᠡᠳᠡ ᠶᠠᠭᠠᠬᠢᠭᠠᠳ ᠬᠡᠷᠡᠭᠯᠡᠭᠡᠳ ᠪᠠᠷᠠᠬᠤ ᠦᠭᠡᠢ ᠶ᠋ᠢ ᠬᠡᠯᠡᠵᠦ ᠥᠭᠭᠦᠨ᠎ᠡ᠃ ᠴᠢᠮ᠎ᠠ ᠳ᠋ᠤ᠌ ᠭᠠᠢᠬᠠᠮᠰᠢᠭ ᠶᠡᠷᠦ ᠨᠢ ᠬᠣᠷᠣᠮ ᠵᠠᠭᠤᠷ᠎ᠠ ᠪᠠᠷ ᠢᠷᠡᠬᠦ ᠴᠦ᠍᠂ ᠡᠨᠡᠬᠦ ᠬᠣᠷᠣᠮ ᠵᠠᠭᠤᠷ᠎ᠠ ᠨᠢ ᠡᠭᠡᠨᠡᠭᠲᠡ ᠥᠨᠢᠳᠡ ᠶ᠋ᠢᠨ ᠴᠢᠷᠮᠠᠢᠯᠲᠠ ᠭᠡᠬᠦ ᠤᠲᠠᠰᠤᠨ ᠤ᠋ ᠦᠵᠦᠭᠦᠷ ᠳᠡᠭᠡᠷ᠎ᠡ ᠲᠣᠪᠬᠢᠭᠳᠠᠬᠤ ᠶ᠋ᠢ ᠬᠡᠯᠡᠵᠦ ᠥᠭᠭᠦᠨ᠎ᠡ᠃ ᠬᠡᠷᠪᠡ ᠲᠠ ᠨᠢᠭᠡ ᠨᠠᠰᠤ ᠪᠠᠨ ᠨᠢᠭᠡᠮᠦᠰᠦᠨ ᠪᠤᠰᠤᠳ ᠤ᠋ᠨ ᠦᠢᠯᠡᠰ ᠦ᠋ᠨ ᠤᠶᠠᠭᠠᠨ ᠠ᠋ᠴᠠ ᠤᠶᠠᠴᠢᠬᠠᠪᠠᠯ ᠲᠠᠨ ᠤ᠋ ᠣᠯᠳᠠᠭ ᠨᠢ ᠲᠠᠩᠳᠠ ᠶᠡᠷᠦ ᠨᠢ ᠪᠠᠰᠤᠮᠵᠢᠯᠠᠯ ᠪᠠ ᠠᠷᠭᠠᠴᠠᠭ᠎ᠠ ᠦᠭᠡᠢᠳᠡᠯ ᠯᠡ ᠪᠣᠯᠤᠨ᠎ᠠ᠃ ᠬᠡᠷᠪᠡ ᠵᠥᠪᠬᠡᠨ ᠯᠡ ᠥᠴᠥᠭᠡᠳᠦᠷ ᠦ᠋ᠨ ᠣᠢ ᠭᠠᠰᠢᠭᠤ ᠪᠠ ᠮᠠᠷᠭᠠᠰᠢ ᠶ᠋ᠢᠨ ᠰᠢᠮᠡᠲᠡᠢ ᠰᠢᠬᠢᠷᠯᠢᠭ ᠢ᠋ ᠪᠣᠳᠣᠭᠠᠳ ᠯᠠ ᠪᠠᠢᠪᠠᠯ ᠥᠨᠥᠳᠥᠷ ᠢ᠋ᠶ᠋ᠡᠨ ᠡᠭᠡᠭᠡ ᠯᠡ ᠪᠠᠰᠠ ᠨᠢᠭᠡ ᠤᠳᠠᠭ᠎ᠠ ᠱᠦᠭᠦᠭᠳᠡᠵᠦ ᠣᠷᠬᠢᠭᠰᠠᠨ ᠵᠣᠭᠣᠭ᠃
ᠬᠡᠷᠪᠡ ᠭᠠᠰᠢᠭᠤᠨ ᠤᠢᠳᠬᠠᠷ ᠭᠠᠨᠢᠭ ᠪᠤᠬᠢᠨᠢᠳᠤᠯ ᠰᠠᠨᠠᠭᠳᠠᠪᠠᠯ᠂ ᠭᠠᠩ ᠵᠣᠷᠢᠭ ᠭᠠᠯ ᠬᠠᠯᠠᠭᠤᠨ ᠤᠷᠮᠠᠰ ᠣᠯᠭᠣᠳᠠᠭ ᠠ᠋ᠴᠠ ᠨᠣᠮ ᠪᠢᠴᠢᠭ ᠢ᠋ ᠤᠩᠰᠢᠭᠠᠷᠠᠢ᠃ᠨᠣᠮ ᠪᠢᠴᠢᠭ ᠴᠢᠮ᠎ᠠ ᠳ᠋ᠤ᠌ ᠠᠭᠤᠤ ᠬᠥᠮᠦᠨ ᠭᠠᠰᠢᠭᠤᠨ ᠤᠢᠳᠬᠠᠷ ᠭᠠᠨᠢᠭ ᠪᠤᠬᠢᠨᠢᠳᠤᠯ ᠳ᠋ᠤ᠌ ᠤᠨᠠᠵᠤ ᠥᠩᠭᠡᠷᠡᠭᠰᠡᠨ ᠴᠦ᠍ ᠭᠠᠢᠬᠠᠮ᠎ᠠ ᠬᠤᠷᠳᠤᠨ ᠢ᠋ᠶ᠋ᠠᠷ ᠭᠠᠰᠠᠯ ᠬᠠᠷᠠᠩᠭᠤᠢ ᠶ᠋ᠢ ᠢᠷᠡᠵᠦ᠂ ᠭᠡᠷᠡᠯ ᠭᠡᠭᠡ ᠶ᠋ᠢ ᠣᠯᠵᠤ ᠬᠠᠷᠠᠭᠰᠠᠨ ᠢ᠋ ᠬᠡᠯᠡᠵᠦ ᠥᠭᠭᠦᠨ᠎ᠡ᠃ ᠠᠷᠤᠤᠬᠠᠨ ᠮᠡᠷᠭᠡᠳ ᠠᠯᠮᠠᠢᠷᠠᠯ ᠲᠦᠪᠡᠭᠳᠡᠯ ᠳ᠋ᠦ᠍ ᠤᠨᠠᠵᠤ ᠥᠩᠭᠡᠷᠡᠭᠰᠡᠨ ᠴᠦ᠍᠂ ᠠᠯᠮᠠᠢᠷᠠᠯ ᠲᠦᠪᠡᠭᠳᠡᠯ ᠳᠤᠮᠳᠠ ᠠ᠋ᠴᠠ ᠤᠳᠠᠯ ᠦᠭᠡᠢ ᠣᠷᠭᠢᠯᠤᠨ ᠳᠡᠪᠦᠯᠵᠦ ᠪᠣᠰᠤᠭᠰᠠᠨ ᠢ᠋ ᠬᠡᠯᠡᠵᠦ ᠥᠭᠭᠦᠨ᠎ᠡ᠃ ᠢᠳᠡᠲᠡᠨ ᠪᠠᠭᠠᠲᠤᠳ ᠡᠭᠡᠯ ᠳᠣᠣᠷᠠᠳᠤᠰ ᠪᠣᠯᠵᠤ ᠥᠩᠭᠡᠷᠡᠭᠰᠡᠨ ᠴᠦ᠍᠂ ᠡᠭᠡᠯ ᠳᠣᠣᠷᠠᠳᠤᠰ ᠤ᠋ᠨ ᠱᠠᠯᠪᠠᠭ ᠲᠤ᠌ ᠡᠭᠡᠨᠡᠭᠲᠡ ᠰᠢᠭᠢᠳᠷᠡᠭᠰᠡᠨ ᠦᠭᠡᠢ ᠶ᠋ᠢ ᠬᠡᠯᠡᠵᠦ ᠥᠭᠭᠦᠨ᠎ᠡ᠃ ᠬᠠᠶᠠ ᠤᠴᠢᠷ ᠬᠣᠪᠢᠨ ᠠ᠋ᠴᠠ ᠴᠢᠨᠢ ᠪᠣᠯᠬᠤ ᠦᠭᠡᠢ᠂ᠭᠡᠪᠡᠴᠦ ᠬᠠᠶᠠ ᠤᠴᠢᠷ ᠬᠠᠷᠢᠨ ᠪᠦᠷᠢᠮᠦᠰᠦᠨ ᠥᠪᠡᠷ ᠡᠴᠡ ᠴᠢᠨᠢ ᠪᠣᠯᠤᠨ᠎ᠠ᠃ᠶᠠᠮᠠᠷ ᠨᠢᠭᠡᠨ ᠬᠦᠴᠢᠷ ᠵᠣᠪᠠᠭᠤᠷᠢ ᠶ᠋ᠢ ᠭᠡᠳ ᠪᠦᠷ ᠴᠦ᠍ ᠨᠢᠭᠡᠨ ᠤᠳᠠᠭᠠᠨ ᠤ᠋ ᠬᠢᠰᠠᠭᠤᠨ ᠲᠣᠭᠰᠢᠨ ᠬᠥᠭᠡᠷᠭᠡᠨ ᠭᠠᠯ ᠪᠠᠢᠵᠤ ᠬᠡᠷᠪᠡ ᠲᠠ ᠬᠦᠴᠢᠷ ᠵᠣᠪᠠᠭᠤᠷᠢ ᠶ᠋ᠢ ᠲᠡᠪᠴᠢᠪᠡᠯ ᠬᠡᠵᠢᠶ᠎ᠡ ᠴᠦ᠍ ᠭᠡᠳ ᠬᠠᠳᠠᠨ ᠪᠣᠯᠣᠳ ᠪᠣᠯᠵᠤ ᠬᠠᠲᠠᠭᠠᠭᠳᠠᠬᠤ ᠬᠠᠮᠤᠭ ᠰᠠᠢᠨ ᠵᠠᠪᠰᠢᠶᠠᠨ ᠢ᠋ᠶ᠋ᠠᠨ ᠠᠯᠳᠠᠭᠰᠠᠨ ᠵᠣᠭᠣᠭ ᠭᠡᠵᠦ ᠮᠡᠳᠡ ᠁
ᠨᠣᠮ ᠪᠢᠴᠢᠭ ᠤᠩᠰᠢᠬᠤ ᠨᠢ ᠣᠭᠣᠭᠠᠲᠠ ᠬᠦᠳᠡᠭᠢ ᠲᠡᠨᠡᠭ ᠢ᠋ ᠵᠠᠰᠠᠵᠤ᠂ ᠬᠣᠮᠰᠠ ᠲᠠᠷᠴᠢᠭ ᠢ᠋ ᠵᠠᠰᠠᠵᠤ᠂ ᠬᠢᠵᠢᠭ ᠲᠠᠬᠤᠯ ᠢ᠋ ᠵᠠᠰᠠᠵᠤ ᠬᠠᠳᠠᠨ ᠵᠣᠷᠢᠭ ᠢ᠋ ᠬᠥᠪᠴᠢᠯᠡᠵᠦ ᠬᠣᠯᠠ ᠶ᠋ᠢᠨ ᠬᠠᠷᠠᠭ᠎ᠠ ᠶ᠋ᠢ ᠬᠤᠷᠴᠠᠯᠠᠵᠤ ᠨᠣᠮ ᠪᠢᠴᠢᠭ ᠤᠩᠰᠢᠬᠤ ᠨᠢ ᠣᠭᠣᠭᠠᠲᠠ ᠬᠦᠳᠡᠭᠢ ᠲᠡᠨᠡᠭ ᠢ᠋ ᠵᠠᠰᠠᠵᠤ ᠬᠠᠳᠠᠨ ᠵᠣᠷᠢᠭ ᠢ᠋ ᠬᠥᠪᠴᠢᠯᠡᠵᠦ᠂ ᠬᠣᠯᠠ ᠶ᠋ᠢᠨ ᠬᠠᠷᠠᠭ᠎ᠠ ᠶ᠋ᠢ ᠬᠤᠷᠴᠠᠯᠠᠵᠤ᠂ ᠬᠡᠪ ᠪᠣᠯᠪᠠᠰᠤᠷᠠᠯ ᠳ᠋ᠤ᠌ ᠬᠥᠲᠥᠯᠵᠦ᠂ ᠬᠤᠷᠴᠠ ᠰᠡᠷᠭᠦᠯᠡᠩ ᠳ᠋ᠦ᠍ ᠬᠦᠷᠦᠭᠦᠯᠬᠦ ᠪᠡᠷ ᠪᠠᠷᠠᠬᠤ ᠦᠭᠡᠢ᠂ ᠬᠥᠮᠦᠨ ᠢ᠋ ᠲᠠᠨᠢᠬᠤ᠂ ᠬᠡᠨ ᠲᠡᠢ ᠶᠠᠭᠠᠬᠢᠵᠤ ᠨᠠᠢᠵᠠᠯᠠᠬᠤ᠂ ᠶᠠᠭᠠᠬᠢᠵᠤ ᠦᠭᠡ ᠬᠡᠯᠡᠵᠦ ᠡᠢᠵᠦ ᠠᠵᠢᠯ ᠬᠢᠬᠦ᠂ ᠵᠢᠴᠢ ᠶᠠᠭᠠᠬᠢᠵᠤ ᠠᠮᠢᠳᠤᠷᠠᠪᠠᠯ ᠰᠠᠶᠢ ᠪᠡᠶ᠎ᠡ ᠰᠡᠳᠬᠢᠯ ᠡᠷᠡᠭᠦᠯ — ᠪᠡᠨ᠎ᠡ ᠴᠠᠨ᠎ᠠ ᠲᠠᠢ ᠪᠠᠢᠬᠤ ᠪᠣᠯᠤᠨ ᠪᠦᠷ ᠰᠡᠭᠦᠯ ᠳ᠋ᠦ᠍ ᠨᠢ ᠶᠠᠮᠠᠷ ᠶᠠᠩᠵᠤ ᠶ᠋ᠢᠨ ᠬᠥᠮᠦᠨ ᠦ᠌ ᠠᠮᠢᠳᠤᠷᠠᠯ ᠰᠠᠶᠢ ᠢᠯᠭᠤᠭᠰᠠᠨ ᠰᠠᠢᠬᠠᠨ ᠢᠷᠠᠯᠵᠠᠮᠠ ᠰᠣᠯᠣᠩᠭᠠᠷᠠᠮᠠ ᠬᠥᠮᠦᠨ ᠦ᠌ ᠠᠮᠢᠳᠤᠷᠠᠯ ᠪᠣᠯᠬᠤ ᠶ᠋ᠢ ᠲᠠᠨᠢᠭᠤᠯᠤᠨ᠎ᠠ᠃
ᠬᠡᠨ ᠬᠡᠷᠪᠡ ᠤᠪᠠᠳᠢᠰ ᠲᠡᠭᠦᠰ ᠨᠣᠮ ᠪᠢᠴᠢᠭ ᠢ᠋ ᠤᠩᠰᠢᠵᠤ ᠣᠯᠳᠣᠢ ᠬᠦᠳᠡᠭᠢ ᠪᠡᠨ ᠪᠥᠭᠯᠡᠪᠡᠯ᠂ ᠬᠡᠨ ᠳᠠᠷᠤᠢ ᠪᠤᠰᠤᠳ ᠠ᠋ᠴᠠ ᠪᠦᠬᠦᠯᠢ ᠠᠷᠪᠠᠨ ᠬᠤᠪᠢ ᠪᠣᠷᠭᠢᠯ ᠰᠡᠷᠭᠦᠯᠡᠩ ᠪᠣᠯᠵᠤ᠂ᠪᠤᠰᠤᠳ ᠠ᠋ᠴᠠ ᠪᠣᠰᠤᠭ᠎ᠠ ᠥᠨᠳᠥᠷ ᠳᠡᠭᠡᠷ᠎ᠡ ᠵᠣᠭᠰᠣᠨ ᠪᠠᠷ᠎ᠠ ᠶ᠋ᠢᠨ ᠠᠯᠤᠰ ᠢ᠋ ᠰᠢᠷᠳᠡᠵᠦ᠂ ᠪᠠᠳᠠᠷᠠᠭᠤᠨ ᠬᠣᠯᠠ ᠠᠶᠠᠯᠠᠵᠤ᠂ ᠪᠤᠰᠤᠳ ᠠ᠋ᠴᠠ ᠢᠯᠡᠭᠦᠦ ᠪᠠᠷᠴᠢᠳ ᠵᠣᠪᠠᠭᠤᠷᠢ ᠪᠠ ᠪᠠᠯᠢᠶᠠᠷ ᠭᠠᠰᠠᠯᠠᠩ ᠢ᠋ ᠳᠠᠭᠠᠭᠠᠵᠤ᠂ ᠪᠠᠶᠠᠰᠤᠯ ᠳ᠋ᠤ᠌ ᠳ᠋ᠤ᠌ ᠢᠯᠠᠯᠲᠠ ᠶ᠋ᠢᠨ ᠪᠡᠬᠢᠵᠢᠭᠦᠨ ᠰᠠᠭᠤᠷᠢ ᠪᠠᠨ ᠪᠦᠬᠦᠨ ᠡᠴᠡ ᠢᠯᠡᠭᠦᠦ ᠪᠠᠲᠤ ᠵᠤᠵᠠᠭᠠᠨ ᠥᠷᠭᠡᠨ ᠲᠠᠯᠪᠢᠵᠤ — ᠪᠤᠰᠤᠳ ᠠ᠋ᠴᠠ ᠬᠤᠷᠳᠤᠨ ᠪᠦᠲᠦᠮᠵᠢ ᠣᠯᠵᠤ᠂ ᠪᠤᠰᠤᠳ ᠠ᠋ᠴᠠ ᠢᠯᠡᠭᠦᠦ ᠵᠢᠷᠭᠠᠵᠤ᠂ ᠪᠤᠰᠤᠳ ᠠ᠋ᠴᠠ ᠢᠯᠡᠭᠦᠦ ᠪᠡᠶᠡᠰᠴᠦ ᠪᠦᠬᠦ ᠨᠠᠰᠤ ᠪᠠᠨ ᠪᠠᠳᠠᠷᠠᠭᠤᠨ ᠴᠡᠴᠡᠭᠯᠡᠯ ᠳᠤᠮᠳᠠ ᠥᠩᠭᠡᠷᠡᠭᠡᠨ᠎ᠡ ᠁
(ᠵᠠᠮᠰᠦ᠋ᠷᠦᠩ ᠬᠢᠨᠠᠪᠠ)
ᠦᠰᠦᠭ ᠠᠮᠢᠯᠠᠭᠤᠯᠤᠭᠰᠠᠨ ᠨᠢ ᠄ ᠭᠠᠸᠠ
ᠬᠢᠨᠠᠭᠴᠢ ᠄ ᠲᠤᠭᠴᠢ ᠰᠠᠷᠠᠨ᠎ᠠ
