ᠠᠳᠤᠭᠤᠨ ᠰᠦᠷᠦᠭ ᠮᠢᠨᠢ ᠬᠤᠷᠤᠢ -ᠬᠠᠢᠷ᠎ᠠAduun süreg mini khurai-KhairАдуун сүрэг минь хурай-Хайр
ᠠᠳᠤᠭᠤᠨ ᠰᠦᠷᠦᠭ ᠮᠢᠨᠢ ᠬᠤᠷᠤᠢ
ᠦᠭᠡ᠂ ᠠᠶ᠎ᠠ᠄ ᠪᠠᠶᠠᠨᠴᠡᠩᠭᠡᠯ
ᠲᠦᠩᠯᠢᠶᠣᠣ ᠬᠣᠲᠠ ᠶ᠋ᠢᠨ ᠵᠠᠷᠤᠳ ᠬᠤᠰᠢᠭᠤᠨ ᠤ᠋ ᠮᠣᠩᠭᠣᠯ ᠲᠤᠷᠰᠢᠯᠲᠠ ᠶ᠋ᠢᠨ ᠪᠠᠭ᠎ᠠ ᠰᠤᠷᠭᠠᠭᠤᠯᠢ—
ᠳᠠᠭᠤᠴᠢᠨ᠄ ᠬᠠᠢᠷ᠎ᠠ
ᠮᠢᠨᠦ ᠠᠪᠤ ᠶ᠋ᠢᠨ ᠬᠠᠷᠢᠭᠤᠯᠤᠭᠰᠠᠨ
ᠮᠢᠩᠭ᠎ᠠ ᠮᠢᠩᠭᠠᠨ ᠠᠳᠤᠭᠤᠳ ᠳᠠᠪᠬᠢᠯᠳᠤᠨ᠎ᠠ
ᠮᠢᠩᠭ᠎ᠠ ᠮᠢᠩᠭᠠᠨ ᠠᠳᠤᠭᠤᠳ ᠤ᠋ᠨ ᠳᠤᠮᠳᠠ ᠠ᠋ᠴᠠ
ᠮᠠᠩᠨᠠᠢ ᠰᠠᠷᠠᠲᠠᠢ ᠤᠨᠠᠭ᠎ᠠ ᠮᠢᠨᠢ ᠬᠥᠭᠡᠷᠦᠬᠦᠨ ᠳᠡ
ᠬᠤᠷᠤᠢ ᠬᠤᠷᠤᠢ ᠬᠤᠷᠤᠢ᠁ ᠬᠤᠷᠤᠢ ᠬᠤᠷᠤᠢ ᠬᠤᠷᠤᠢ
ᠠᠳᠤᠭᠤᠨ ᠰᠦᠷᠦᠭ ᠮᠢᠨᠢ ᠬᠤᠷᠤᠢ ᠬᠤᠷᠤᠢ ᠬᠤᠷᠤᠢ ᠬᠤᠷᠤᠢ
ᠮᠢᠨᠦ ᠠᠪᠤ ᠶ᠋ᠢᠨ ᠬᠠᠷᠢᠭᠤᠯᠤᠭᠰᠠᠨ
ᠲᠦᠮᠡ ᠲᠦᠮᠡᠨ ᠠᠳᠤᠭᠤᠳ ᠳᠠᠪᠬᠢᠯᠳᠤᠨ᠎ᠠ
ᠲᠦᠮᠡ ᠲᠦᠮᠡᠨ ᠠᠳᠤᠭᠤᠳ ᠤ᠋ᠨ ᠳᠤᠮᠳᠠ ᠠ᠋ᠴᠠ
ᠲᠣᠬᠣᠮ ᠠᠯᠠᠭ ᠤᠨᠠᠭ᠎ᠠ ᠮᠢᠨᠢ ᠬᠥᠭᠡᠷᠦᠬᠦᠨ ᠳᠡ
ᠬᠤᠷᠤᠢ ᠬᠤᠷᠤᠢ ᠬᠤᠷᠤᠢ᠁ ᠬᠤᠷᠤᠢ ᠬᠤᠷᠤᠢ ᠬᠤᠷᠤᠢ
ᠠᠳᠤᠭᠤᠨ ᠰᠦᠷᠦᠭ ᠮᠢᠨᠢ ᠬᠤᠷᠤᠢ ᠬᠤᠷᠤᠢ
ᠬᠤᠷᠤᠢ ᠬᠤᠷᠤᠢ
ᠠᠭᠤᠳᠠᠮ ᠲᠠᠯ᠎ᠠ ᠶ᠋ᠢ ᠴᠢᠮᠡᠭᠯᠡᠭᠡᠳ
ᠠᠭᠲᠠ ᠮᠣᠷᠢᠳ ᠭᠣᠶᠣᠬᠠᠨ ᠳᠠ
ᠠᠪᠤ ᠶ᠋ᠢᠨ ᠮᠢᠨᠢ ᠴᠢᠷᠠᠢ ᠳ᠋ᠤ᠌
ᠮᠦᠰᠢᠶᠡᠳᠦ ᠲᠣᠳᠣᠷᠠᠭᠠᠳ
ᠠᠳᠤᠭᠤᠨ ᠳ᠋ᠤ᠌ ᠬᠠᠢᠷᠠᠲᠠᠢ ᠬᠦᠦ ᠪᠢ ᠵᠢᠷᠭᠠᠯᠲᠠᠢᠬᠠᠨ ᠳᠠ
ᠬᠤᠷᠤᠢ ᠬᠤᠷᠤᠢ ᠬᠤᠷᠤᠢ᠁ ᠬᠤᠷᠤᠢ ᠬᠤᠷᠤᠢ ᠬᠤᠷᠤᠢ
ᠠᠳᠤᠭᠤᠨ ᠰᠦᠷᠦᠭ ᠮᠢᠨᠢ ᠬᠤᠷᠤᠢ ᠬᠤᠷᠤᠢ ᠬᠤᠷᠤᠢ ᠬᠤᠷᠤᠢ
ᠬᠤᠷᠤᠢ ᠬᠤᠷᠤᠢ ᠬᠤᠷᠤᠢ᠁ ᠬᠤᠷᠤᠢ ᠬᠤᠷᠤᠢ ᠬᠤᠷᠤᠢ
ᠠᠳᠤᠭᠤᠨ ᠰᠦᠷᠦᠭ ᠮᠢᠨᠢ ᠬᠤᠷᠤᠢ ᠬᠤᠷᠤᠢ ᠬᠤᠷᠤᠢ ᠬᠤᠷᠤᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
