ᠮᠣᠩᠭᠣᠯ ᠭᠡᠷ Монгол гэр
ᠮᠣᠩᠭᠣᠯ ᠭᠡᠷ
ᠮᠣᠩᠭᠣᠯ ᠭᠡᠷ ᠨᠢ ᠭᠡᠷ ᠦ᠋ᠨ ᠮᠣᠳᠣ᠂ ᠪᠦᠷᠢᠶᠡᠰᠦ ᠵᠡᠷᠭᠡ ᠬᠣᠶᠠᠷ ᠦᠨᠳᠦᠰᠦᠨ ᠵᠦᠢᠯ ᠢ᠋ᠶ᠋ᠡᠷ ᠪᠦᠷᠢᠯᠳᠦᠨ᠎ᠡ᠃ ᠭᠡᠷ ᠦ᠋ᠨ ᠮᠣᠳᠣᠨ ᠳ᠋ᠤ᠌ ᠲᠣᠭᠣᠨᠣ᠂ ᠣᠨᠢ᠂ ᠬᠠᠭᠠᠯᠭ᠎ᠠ᠂ ᠬᠠᠨ᠎ᠠ᠂ ᠪᠠᠭᠠᠨ᠎ᠠ᠂ ᠲᠤᠯᠭᠠᠭᠤᠷᠢ᠂ ᠬᠠᠶᠠᠭᠠᠪᠴᠢ ᠵᠡᠷᠭᠡ ᠪᠠᠢᠳᠠᠭ᠃ ᠢᠰᠡᠭᠡᠢ ᠪᠦᠷᠢᠶᠡᠰᠦ ᠳ᠋ᠦ᠍ ᠡᠷᠦᠬᠡ᠂ ᠬᠥᠯᠲᠥᠷᠭᠡ᠂ ᠴᠡᠷᠪᠠᠭ᠂ ᠳᠡᠭᠡᠪᠦᠷ᠂ ᠲᠤᠭᠤᠷᠭ᠎ᠠ᠂ ᠡᠭᠦᠳᠡ᠂ ᠲᠣᠲᠣᠭᠣ᠂ ᠬᠠᠶᠠᠭᠠᠪᠴᠢ ᠵᠡᠷᠭᠡ ᠪᠠᠢᠨ᠎ᠠ᠃ ᠪᠠᠰᠠ ᠮᠠᠯ ᠤ᠋ᠨ ᠬᠢᠯᠭᠠᠰᠤ ᠪᠠᠷ ᠲᠠᠮᠤᠭᠰᠠᠨ ᠳᠡᠭᠡᠰᠦ ᠪᠡᠷ ᠣᠭᠣᠰᠣᠷ ᠪᠦᠴᠡ᠂ ᠬᠣᠰᠢᠯᠠᠩ ᠬᠢᠳᠡᠭ᠃

ᠮᠣᠩᠭᠣᠯ ᠭᠡᠷ ᠶᠡᠬᠡ ᠪᠠᠭ᠎ᠠ ᠪᠤᠶᠤ ᠪᠠᠭᠲᠠᠭᠠᠮᠵᠢ ᠬᠡᠮᠵᠢᠶᠡᠨ ᠦ᠌ ᠬᠤᠪᠢ ᠳ᠋ᠤ᠌ ᠶᠡᠬᠡ᠂ᠳᠤᠮᠳᠠ᠂ ᠪᠠᠭ᠎ᠠ ᠠᠳᠠᠯᠢ ᠪᠤᠰᠤ ᠪᠠᠢᠳᠠᠭ ᠪᠠ ᠳᠥᠷᠪᠡᠨ ᠬᠠᠨᠠᠲᠤ᠂ ᠲᠠᠪᠤᠨ ᠬᠠᠨᠠᠲᠤ᠂ ᠵᠢᠷᠭᠤᠭᠠᠨ ᠬᠠᠨᠠᠲᠤ᠂ ᠨᠠᠢ᠍ᠮᠠᠨ ᠬᠠᠨᠠᠲᠤ ᠭᠡᠬᠦ ᠮᠡᠲᠦ ᠪᠡᠷ ᠬᠠᠨ᠎ᠠ ᠶ᠋ᠢᠨ ᠲᠣᠭ᠎ᠠ ᠪᠠᠷ ᠨᠢ ᠨᠡᠷᠡᠯᠡᠳᠡᠭ᠃ ᠪᠠᠰᠠ ᠲᠣᠭᠣᠨᠣ ᠶ᠋ᠢᠨ ᠪᠦᠲᠦᠴᠡ ᠪᠡᠷ ᠨᠢ ᠬᠡᠯᠬᠢᠶ᠎ᠡ ᠲᠣᠭᠣᠨᠣᠲᠤ ᠭᠡᠷ᠂ ᠬᠠᠳᠬᠤᠭᠤᠷ ᠲᠣᠭᠣᠨᠣᠲᠤ ᠭᠡᠷ᠂ ᠮᠠᠨᠳᠤᠯ ᠲᠣᠭᠣᠨᠣᠲᠤ ᠭᠡᠷ ᠭᠡᠵᠦ ᠢᠯᠭᠠᠳᠠᠭ᠃ ᠬᠠᠳᠬᠤᠭᠤᠷ ᠲᠣᠭᠣᠨᠣ ᠲᠠᠢ ᠭᠡᠷ ᠢ᠋ ᠪᠠᠰᠠ ᠬᠠᠳᠬᠤᠭᠤᠷ ᠣᠨᠢ ᠲᠠᠢ ᠭᠡᠷ ᠭᠡᠵᠦ ᠬᠡᠯᠡᠳᠡᠭ ᠴᠦ᠍ ᠪᠣᠢ᠃ ᠡᠭᠦᠨ ᠦ᠌ ᠣᠨᠴᠠᠯᠢᠭ ᠭᠡᠪᠡᠯ ᠲᠣᠭᠣᠨᠣ ᠳ᠋ᠤ᠌ ᠪᠠᠨ ᠣᠨᠢ ᠪᠠᠨ ᠬᠢᠯᠭᠡᠬᠦ ᠪᠢᠰᠢ᠂ ᠬᠠᠷᠢᠨ ᠲᠣᠭᠣᠨᠣ ᠶ᠋ᠢᠨ ᠱᠠᠭ᠎ᠠ ᠶ᠋ᠢᠨ ᠵᠠᠪᠰᠠᠷ ᠢ᠋ᠶ᠋ᠠᠷ ᠣᠨᠢ ᠪᠠᠨ ᠬᠠᠳᠬᠤᠵᠤ ᠪᠣᠰᠬᠠᠨ᠎ᠠ᠃ ᠡᠨᠡᠬᠦ ᠭᠡᠷ ᠨᠢ ᠲᠡᠷᠭᠡ ᠬᠡᠷᠡᠭᠯᠡᠳᠡᠭ ᠦᠭᠡᠢ ᠲᠡᠮᠡᠭᠡᠨ ᠳ᠋ᠦ᠍ ᠠᠴᠢᠵᠤ ᠨᠡᠭᠦᠳᠡᠯᠯᠡᠳᠡᠭ ᠭᠠᠵᠠᠷ ᠣᠷᠣᠨ ᠳ᠋ᠤ᠌ ᠲᠤᠩ ᠲᠣᠬᠢᠷᠠᠮᠵᠢᠲᠠᠢ᠃


ᠮᠣᠩᠭᠣᠯ ᠭᠡᠷ ᠢ᠋ ᠪᠠᠷᠢᠬᠤ᠂ ᠪᠠᠭᠤᠯᠭᠠᠬᠤ ᠨᠢ ᠨᠠᠷᠢᠨ ᠳᠡᠰ ᠳᠠᠷᠠᠭᠠᠯᠠᠯ ᠲᠠᠢ᠃ ᠲᠤᠬᠠᠢᠯᠠᠪᠠᠯ ᠱᠠᠯᠠ ᠲᠠᠯᠪᠢᠬᠤ᠂ ᠬᠠᠭᠠᠯᠭ᠎ᠠ ᠪᠤᠰᠬᠠᠬᠤ᠂ ᠬᠠᠨ᠎ᠠ ᠳᠤᠭᠤᠢᠯᠠᠬᠤ᠂ ᠲᠣᠭᠣᠨᠣ ᠭᠠᠷᠭᠠᠬᠤ᠂ ᠣᠨᠢ ᠡᠯᠭᠦᠬᠦ᠂ ᠴᠠᠷᠪᠠᠭ ᠲᠤᠭᠤᠷᠭ᠎ᠠ ᠨᠥᠮᠥᠷᠭᠡᠬᠦ᠂ ᠳᠡᠭᠡᠪᠦᠷ ᠨᠥᠮᠥᠷᠭᠡᠬᠦ᠂ ᠪᠦᠰᠡᠯᠡᠭᠦᠷ ᠲᠠᠲᠠᠬᠤ᠂ ᠡᠷᠦᠬᠡ ᠲᠠᠯᠪᠢᠬᠤ᠂ ᠣᠭᠣᠰᠣᠷ ᠪᠦᠴᠡ ᠪᠡᠬᠢᠯᠡᠬᠦ᠂ ᠲᠤᠯᠭ᠎ᠠ ᠪᠠᠨ ᠵᠠᠯᠠᠬᠤ᠂ ᠡᠳ᠋ ᠪᠠᠷᠠᠭ᠎ᠠ ᠣᠷᠣᠭᠤᠯᠬᠤ᠂ ᠡᠭᠦᠳᠡ ᠪᠡᠨ ᠪᠠᠷᠢᠬᠤ᠂ ᠲᠣᠲᠣᠭᠣ ᠪᠠᠨ ᠤᠶᠠᠬᠤ ᠵᠡᠷᠭᠡ ᠳᠠᠷᠠᠭᠠᠯᠠᠯ ᠲᠠᠢ᠃ ᠮᠣᠩᠭᠣᠯ ᠭᠡᠷ ᠦ᠋ᠨ ᠳᠣᠲᠣᠷᠠᠬᠢ ᠵᠢᠷᠤᠮ ᠶᠣᠰᠣᠨ ᠳ᠋ᠤ᠌ ᠭᠡᠷ ᠦ᠋ᠨ ᠳᠣᠲᠣᠭᠤᠷ ᠵᠠᠢ ᠶ᠋ᠢ ᠬᠣᠢᠮᠣᠷ ᠲᠠᠯ᠎ᠠ᠂ ᠡᠭᠦᠳᠡᠨ ᠲᠠᠯ᠎ᠠ᠂ ᠭᠡᠷ ᠦ᠋ᠨ ᠡᠵᠡᠭᠲᠡᠢ ᠶ᠋ᠢᠨ ᠲᠠᠯ᠎ᠠ᠂ ᠭᠡᠷ ᠦ᠋ᠨ ᠡᠵᠡᠨ ᠦ᠌ ᠲᠠᠯ᠎ᠠ ᠭᠡᠵᠦ ᠢᠯᠭᠠᠬᠤ ᠶᠣᠰᠣ ᠪᠠᠢᠳᠠᠭ᠃ ᠮᠣᠩᠭᠣᠯᠴᠤᠳ ᠭᠡᠷ ᠦ᠋ᠨ ᠢ᠋ᠶ᠋ᠡᠨ ᠭᠣᠣᠯ ᠳᠤᠮᠳᠠ ᠭᠠᠯ ᠭᠣᠯᠣᠮᠲᠠ ᠲᠤᠯᠭ᠎ᠠ ᠪᠠᠨ ᠪᠠᠢᠷᠢᠯᠠᠭᠤᠯᠳᠠᠭ᠃ ᠲᠡᠭᠦᠨ ᠦ᠌ ᠲᠣᠭᠣᠷᠢᠭᠰᠠᠨ ᠣᠷᠣᠨ ᠵᠠᠢ ᠶ᠋ᠢᠨ ᠪᠠᠷᠠᠭᠤᠨ ᠲᠠᠯ᠎ᠠ ᠨᠢ ᠡᠷᠡᠭᠲᠡᠢ ᠬᠥᠮᠦᠨ ᠦ᠌ ᠡᠳ᠋ ᠵᠦᠢᠯ᠂ ᠵᠡᠭᠦᠨ ᠲᠠᠯ᠎ᠠ ᠳ᠋ᠤ᠌ ᠡᠮᠡᠭᠲᠡᠢ ᠬᠥᠮᠦᠨ ᠦ᠌ ᠡᠳ᠋ ᠵᠦᠢᠯ ᠢ᠋ ᠪᠠᠢᠷᠢᠯᠠᠭᠤᠯᠳᠠᠭ ᠵᠠᠩᠰᠢᠯ ᠲᠠᠢ᠃ ᠮᠥᠨ ᠮᠠᠯᠴᠢᠳ ᠦᠨᠢᠶ᠎ᠡ ᠮᠠᠯ ᠢ᠋ᠶ᠋ᠠᠨ ᠰᠠᠭᠠᠬᠤ᠂ ᠬᠣᠨᠢ ᠪᠡᠯᠴᠢᠭᠡᠬᠦ᠂ ᠬᠣᠲᠠᠯᠠᠭᠤᠯᠬᠤ ᠵᠡᠷᠭᠡ ᠳ᠋ᠦ᠍ ᠭᠡᠷ ᠦ᠋ᠨ ᠢ᠋ᠶ᠋ᠡᠨ ᠲᠣᠭᠣᠨᠣ ᠪᠠᠷ ᠲᠤᠰᠤᠭᠰᠠᠨ ᠨᠠᠷᠠᠨ ᠤ᠋ ᠲᠤᠰᠬᠠᠯ ᠢ᠋ᠶ᠋ᠠᠷ ᠴᠠᠭ ᠢ᠋ ᠪᠠᠷᠢᠮᠵᠢᠶᠠᠯᠠᠳᠠᠭ ᠨᠢ ᠭᠡᠷ ᠲᠡᠢ ᠬᠣᠯᠪᠣᠭᠠᠲᠠᠢ ᠠᠷᠠᠳ ᠤ᠋ᠨ ᠮᠡᠳᠡᠯᠭᠡ ᠶ᠋ᠢᠨ ᠨᠢᠭᠡᠨ ᠥᠪ ᠶᠦ᠍ᠮ᠃
ᠮᠣᠩᠭᠣᠯ ᠭᠡᠷ ᠲᠦ᠍ ᠮᠠᠨ ᠤ᠋ ᠮᠣᠩᠭᠣᠯ ᠤᠭᠰᠠᠭᠠᠲᠠᠨ ᠰᠣᠶᠣᠯ ᠪᠣᠯᠪᠠᠰᠤᠷᠠᠯ᠂ ᠬᠠᠢᠷ᠎ᠠ ᠰᠡᠳᠬᠢᠯᠭᠡ᠂ ᠭᠤᠸ᠎ᠠ ᠲᠠᠭᠠᠰᠢᠶᠠᠯ᠂ ᠬᠦᠰᠡᠯ ᠪᠡᠯᠭᠡᠳᠡᠯ᠂ ᠤᠷ᠎ᠠ ᠳᠠᠮ ᠭᠦᠨ ᠰᠢᠩᠭᠡᠭᠡᠰᠦᠲᠡᠢ ᠪᠠᠢᠳᠠᠭ ᠪᠥᠭᠡᠳ ᠮᠣᠩᠭᠣᠯᠴᠤᠳ ᠤ᠋ᠨ ᠥᠪᠡᠷᠮᠢᠴᠡ ᠵᠠᠩ ᠠᠷᠠᠨᠰᠢᠨ᠂ ᠣᠢ ᠤᠬᠠᠭᠠᠨ ᠭᠦᠢᠴᠡᠳ ᠬᠠᠳᠠᠭᠠᠯᠠᠭᠳᠠᠵᠤ ᠪᠠᠢᠨ᠎ᠠ᠃ᠡᠢᠮᠦ ᠡᠴᠡ ᠪᠢᠳᠡ ᠡᠨᠡᠬᠦ ᠦᠨᠳᠦᠰᠦᠲᠡᠨ ᠦ᠌ ᠪᠡᠨ ᠰᠣᠶᠣᠯ ᠤ᠋ᠨ ᠥᠪ ᠢ᠋ ᠤᠯᠠᠮ ᠴᠢᠨᠠᠭᠰᠢᠳᠠ ᠵᠠᠯᠭᠠᠮᠵᠢᠯᠠᠨ ᠬᠥᠭᠵᠢᠭᠦᠯᠵᠦ᠂ ᠤᠯᠠᠮ ᠥᠷᠭᠡᠨ ᠬᠡᠷᠡᠭᠴᠡᠭᠡ ᠲᠡᠢ ᠣᠷᠣᠨ ᠰᠠᠭᠤᠴᠠ ᠪᠣᠯᠭᠠᠬᠤ ᠨᠢ ᠵᠦᠢᠲᠡᠢ᠃
《ᠤᠩᠰᠢᠨ ᠣᠢᠯᠠᠭᠠᠬᠤᠢ》 ᠠ᠋ᠴᠠ ᠪᠠᠭᠤᠯᠭᠠᠪᠠ᠃
ᠦᠰᠦᠭ ᠠᠮᠢᠯᠠᠭᠤᠯᠤᠭᠴᠢ᠄ ᠴᠡᠴᠡᠨ
