ᠦᠨᠡᠭᠡ ᠬᠡᠷᠢᠶ᠎ᠡ ᠬᠣᠶᠠᠷ -ᠶᠣᠭᠲᠠ ᠦᠯᠢᠭᠡᠷҮнэг хэрээ 2 ёгт үлгэр
ᠦᠨᠡᠭᠡ ᠬᠡᠷᠢᠶ᠎ᠡ ᠬᠣᠶᠠᠷ -ᠶᠣᠭᠲᠠ ᠦᠯᠢᠭᠡᠷ
ᠨᠢᠭᠡᠨ ᠬᠡᠷᠢᠶ᠎ᠡ ᠬᠣᠭᠣᠯᠠ ᠬᠠᠶ᠋ᠢᠵᠤ ᠡᠳᠦᠷᠵᠢᠨ ᠨᠢᠰᠴᠡᠢ᠃ ᠡᠳᠦᠷᠵᠢᠨ ᠨᠢᠰᠦᠭᠰᠡᠭᠡᠷ ᠣᠷᠣᠢ ᠪᠣᠯᠬᠤ ᠳᠤ ᠵᠦᠰᠦᠮ ᠪᠢᠰᠢᠯᠠᠭ ᠣᠯᠵᠤ ᠭᠡᠨ᠎ᠡ᠃ ᠪᠢᠰᠢᠯᠠᠭ ᠢᠶ᠋ᠡᠨ ᠢᠳᠡᠬᠦ ᠪᠡᠷ ᠥᠨᠳᠥᠷ ᠭᠠᠴᠤᠷ᠎ᠠ ᠶ᠋ᠢᠨ ᠣᠷᠣᠢ ᠳ᠋ᠤ᠌ ᠰᠠᠭᠤᠵᠠᠢ᠃ ᠪᠢᠰᠢᠯᠠᠭ ᠤᠨ ᠠᠩᠬᠢᠯᠤᠮ᠎ᠠ ᠦᠨᠦᠷ ᠬᠠᠮᠢᠭ᠎ᠠ ᠰᠠᠢ ᠦᠭᠡᠢ ᠥᠨᠦᠷᠲᠦᠬᠦ ᠳᠦ ᠦᠨᠡᠭᠡ ᠶᠠᠭᠠᠷᠠᠨ ᠬᠦᠷᠴᠦ ᠢᠷᠡᠭᠡᠳ ᠬᠡᠷᠢᠶᠡᠨ ᠡᠴᠡ ᠪᠢᠰᠢᠯᠠᠭ ᠢ ᠶᠠᠭᠠᠬᠢᠵᠤ ᠠᠪᠴᠤ ᠢᠳᠡᠬᠦ ᠪᠣᠢ ᠭᠡᠵᠦ ᠪᠣᠳᠣᠪᠠ᠃ ᠲᠡᠭᠡᠭᠡᠳ ᠦᠨᠡᠭᠡ ᠰᠡᠭᠦᠯ ᠢᠶ᠋ᠡᠨ ᠰᠢᠷᠪᠠᠯᠵᠠᠭᠤᠯᠤᠨ ᠪᠢᠰᠢᠯᠠᠭ ᠠ᠋ᠴᠠ ᠨᠢᠳᠦ ᠪᠡᠨ ᠣᠭᠲᠣ ᠰᠠᠯᠭᠠᠯ ᠦᠭᠡᠢ ᠨᠢᠯᠤᠭᠤᠨ ᠳᠠᠭᠤ ᠪᠠᠷ᠄ 《 ᠶᠠᠮᠠᠷ ᠰᠠᠶ᠋ᠢᠬᠠᠨ ᠰᠢᠪᠠᠭᠤ ᠪᠣᠢ ! ᠶᠠᠮᠠᠷ ᠰᠠᠶ᠋ᠢᠬᠠᠨ ᠬᠦᠵᠦᠭᠦᠦ ᠲᠡᠢ᠂ ᠨᠢᠳᠦ ᠲᠠᠢ ᠶᠤᠮ ᠪᠣᠢ ! ᠶᠠᠭ ᠯᠠ ᠦᠯᠢᠭᠡᠷ ᠤᠨ ᠰᠢᠪᠠᠭᠤ ᠰᠢᠭ᠋ ! 》 ᠭᠡᠬᠦ ᠳᠦ ᠬᠡᠷᠢᠶ᠎ᠡ ᠳᠤᠤᠭᠠᠷᠤᠭᠰᠠᠨ ᠦᠭᠡᠢ᠃ 《 ᠲᠡᠷᠡ ᠬᠣᠰᠢᠭᠤ ᠶ᠋ᠢ ᠨᠢ ᠬᠠᠷᠠᠭᠠᠴᠢ ᠂ ᠤᠶᠠᠩᠭᠠᠯᠢᠭ ᠰᠠᠶ᠋ᠢᠬᠠᠨ ᠳᠠᠭᠤᠯᠠᠳᠠᠭ ᠪᠠᠶ᠋ᠢᠬᠤ ᠳ᠋ᠠ ᠂ ᠰᠠᠶ᠋ᠢᠬᠠᠨ ᠳᠠᠭᠤᠯᠠᠳᠠᠭ ᠪᠣᠯ ᠵᠢᠭᠦᠷᠲᠡᠨ ᠦ ᠬᠠᠭᠠᠨ ᠯᠠ ᠪᠣᠯᠬᠤ ᠶᠤᠮ ᠪᠠᠶ᠋ᠢᠨ᠎ᠠ ! 》ᠭᠡᠬᠦ ᠳ᠋ᠦ᠍ ᠦᠨᠡᠭᠡᠨ ᠦ ᠮᠠᠭᠲᠠᠭᠠᠯ ᠳᠦ ᠣᠩᠬᠢᠷᠠᠵᠤ ᠬᠥᠭᠡᠷᠦᠨ ᠬᠡᠷᠢᠶ᠎ᠡ ᠪᠠᠶ᠋ᠢᠳᠠᠭ ᠴᠢᠳᠠᠯ ᠢᠶ᠋ᠠᠷ ᠢᠶ᠋ᠠᠨ 《 ᠺᠠᠷ — ᠺᠠᠷ — ᠺᠠᠷ 》 ᠭᠡᠵᠦ ᠭᠤᠸᠠᠭᠯᠠᠪᠠ ᠃ ᠬᠡᠷᠢᠶ᠎ᠡ ᠶ᠋ᠢ ᠭᠤᠸᠠᠭᠯᠠᠬᠤ ᠳ᠋ᠤ᠌ ᠠᠮᠠᠨ ᠳ᠋ᠤ᠌ ᠪᠠᠶ᠋ᠢᠭᠰᠠᠨ ᠪᠢᠰᠢᠯᠠᠭ ᠨᠢ ᠤᠨᠠᠯ᠎ᠠ ᠃ ᠦᠨᠡᠭᠡ ᠪᠢᠰᠢᠯᠠᠭ ᠢ ᠨᠢ ᠭᠠᠵᠠᠷ ᠤᠨᠠᠭᠠᠯ ᠦᠭᠡᠢ ᠰᠢᠭᠦᠷᠡᠵᠦ ᠠᠪᠤᠭᠠᠳ ᠵᠢᠭᠤᠲᠠᠨ ᠣᠳᠪᠠ ᠃
ᠣᠩᠭᠢᠷᠠᠭ᠎ᠠ
ᠵᠠᠩ ᠠ᠋ᠴᠠ ᠪᠠᠨ ᠪᠣᠯᠵᠤ᠂ ᠬᠣᠭᠣᠯᠠ
ᠦᠭᠡᠢ ᠦᠯᠡᠳᠡᠭᠰᠡᠨ ᠬᠡᠷᠢᠶ᠎ᠡ ᠂ᠰᠥᠨᠢ ᠣᠷᠣᠢ
ᠪᠣᠯᠤᠭᠰᠠᠨ ᠬᠣᠶ᠋ᠢᠨ᠎ᠠ ᠥᠯᠥᠰᠦᠭᠰᠡᠭᠡᠷ ᠡᠭᠦᠷ ᠤᠷᠤᠭᠤ ᠪᠠᠨ ᠪᠤᠴᠠᠵᠤ ᠭᠡᠨ᠎ᠡ᠃
