ᠬᠥᠮᠥᠨ ᠶᠠᠰᠤᠲᠤ ᠬᠠᠳᠠ-ᠭ.ᠰᠢᠷᠠᠪᠵᠠᠮᠰᠤKhün yast khad-Ga.SharavjamtsХүн яст хад-Га.Шаравжамц
ᠬᠦᠷᠡᠯ ᠶᠠᠭᠤᠲᠠᠢ ᠴᠤ᠌ ᠵᠣᠷᠢᠭᠰᠠᠨ ᠬᠠᠳᠠᠨ ᠳ᠋ᠤ᠌ ᠪᠠᠨ ᠬᠦᠷᠴᠦ ᠴᠢᠳᠠᠯ᠎ᠠ᠃ ᠬᠦᠷᠡᠯ ᠭᠤᠴᠢ ᠭᠠᠷᠲᠠᠯ᠎ᠠ ᠴᠢᠳᠬᠥᠷ ᠲᠦ᠍ ᠦᠯᠦ ᠢᠲᠡᠭᠡᠵᠦ ᠶᠠᠪᠤᠭᠰᠠᠨ᠂ ᠬᠠᠷᠢᠨ ᠰᠠᠢᠨ ᠠᠩᠴᠢᠨ ᠪᠣᠯᠬᠤ ᠶ᠋ᠢᠨ ᠲᠤᠯᠠᠳᠠ ᠭᠠᠵᠠᠷ ᠤ᠋ᠨ ᠪᠠᠷᠲᠠᠭ᠎ᠠ ᠶ᠋ᠢ ᠠᠨᠳᠤᠬᠤ ᠦᠭᠡᠢ᠂ ᠬᠠᠷᠠᠭ᠎ᠠ ᠬᠤᠷᠴᠠ᠂ ᠴᠡᠴᠡ ᠮᠠᠷᠠᠭᠴᠢ᠂ ᠬᠥᠯᠥᠰᠥ ᠤᠷᠤᠰᠬᠠᠬᠤ ᠵᠣᠷᠢᠭ ᠦᠭᠡᠢ ᠪᠣᠯ ᠪᠥᠵᠥᠩ ᠴᠤ᠌ ᠠᠯᠠᠵᠤ ᠴᠢᠳᠠᠬᠤ ᠦᠭᠡᠢ ᠭᠡᠵᠦ ᠪᠣᠳᠣᠳᠠᠭ ᠪᠠᠢᠯ᠎ᠠ᠃ ᠭᠡᠲᠡᠯ᠎ᠡ ᠣᠳᠣ ᠬᠥᠮᠦᠰ ᠦ᠋ᠨ ᠬᠠᠯᠲᠤᠷᠢᠵᠤ ᠣᠢᠴᠢᠭᠰᠠᠨ ᠮᠥᠷ ᠢ᠋ᠶ᠋ᠡᠷ ᠥᠪᠡᠷ ᠢ᠋ᠶ᠋ᠡᠨ ᠠᠯᠬᠤᠵᠤ ᠭᠠᠷᠬᠤ ᠪᠣᠯᠤᠭᠰᠠᠨ ᠳ᠋ᠤ᠌ ᠪᠠᠨ ᠥᠪᠡᠷ ᠦ᠋ᠨ ᠡᠷᠬᠡ ᠦᠭᠡᠢ ᠠᠢᠳᠠᠰ ᠲᠥᠷᠥᠪᠡ᠃ ᠵᠡᠪᠡ ᠵᠠᠩᠵᠤᠨ ᠠ᠋ᠴᠠ ᠬᠣᠢᠰᠢ ᠡᠨᠳᠡ ᠢᠷᠡᠭᠰᠡᠳ ᠡᠴᠡ ᠠᠮᠢᠳᠤ ᠪᠤᠴᠠᠭᠰᠠᠨ ᠨᠢ ᠴᠥᠭᠡᠨ᠃ ᠠᠪᠠᠷᠢᠭᠰᠠᠨ ᠪᠣᠯᠭᠠᠨ ᠶᠠᠰᠤ ᠪᠠᠨ ᠴᠠᠢᠯᠭᠠᠳᠠᠭ ᠤᠴᠢᠷ ᠠ᠋ᠴᠠ ᠨᠤᠲᠤᠭ ᠤ᠋ᠨ ᠬᠢᠨ ᠬᠥᠮᠦᠨ ᠶᠠᠰᠤᠲᠤ ᠬᠠᠳᠠ ᠭᠡᠵᠦ ᠨᠡᠷᠡᠯᠡᠵᠡᠢ᠃ ᠡᠨᠡ ᠬᠠᠳᠠᠨ ᠤ᠋ ᠲᠤᠬᠠᠢ ᠡᠯᠳᠡᠪ ᠳᠣᠮᠣᠭ ᠶᠠᠷᠢᠶᠠᠨ ᠳ᠋ᠤ᠌ ᠦᠯᠦ ᠢᠲᠡᠭᠡᠬᠦ ᠠᠭᠠᠳ ᠡᠴᠢᠨᠡᠨ ᠵᠢᠯ ᠦ᠋ᠨ ᠡᠮᠦᠨᠡᠬᠢ ᠲᠡᠷᠡ ᠣᠯᠠᠨ ᠳᠣᠮᠣᠭ ᠤ᠋ᠨ ᠦᠨᠡᠨ ᠬᠤᠳᠠᠯ ᠢ᠋ ᠢᠯᠭᠠᠬᠤ ᠳ᠋ᠤ᠌ ᠪᠡᠷᠬᠡ ᠰᠢᠦ ᠳᠡ...᠃
