ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠠᠭᠠᠯᠳᠤᠭᠤᠯᠤᠯ ᠪᠦᠯᠦᠭ-6> Сүлдийн соёлын судлал – Минжуур<дагалдуулал бүлэг -6
ᠳᠠᠭᠠᠯᠳᠤᠭᠤᠯᠤᠯ ᠪᠦᠯᠦᠭ᠂ ᠬᠢᠨᠠᠨ ᠦᠨᠡᠯᠡᠯᠲᠡ ᠶᠢᠨ ᠵᠣᠬᠢᠶᠠᠯ
ᠬᠦᠨᠳᠦᠳᠬᠡᠨ ᠪᠢᠰᠢᠷᠡᠭᠰᠡᠨ ᠰᠡᠳᠬᠢᠯ ᠢ᠋ᠶ᠋ᠡᠨ ᠢᠯᠡᠳᠬᠡᠶ᠎ᠡ
ᠮᠠᠨ ᠤ᠋ 《ᠰᠢᠯᠢ ᠶ᠋ᠢᠨ ᠭᠣᠣᠯ ᠠᠵᠢᠯ ᠮᠡᠷᠭᠡᠵᠢᠯ ᠦ᠋ᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠬᠦᠯ》 ᠳᠡᠭᠡᠷ᠎ᠡ ᠡᠴᠡ ᠲᠡᠮᠦᠷ᠂ ᠮᠢᠩᠵᠤᠤᠷ ᠤ᠋ᠨ ᠡᠷᠳᠡᠮ ᠰᠢᠨᠵᠢᠯᠡᠭᠡᠨ ᠦ᠌ ᠥᠭᠦᠯᠡᠯ ᠦ᠋ᠳ ᠢ᠋ ᠤᠩᠰᠢᠵᠤ ᠥᠩᠭᠡᠷᠡᠭᠰᠡᠨ ᠶᠦᠮ᠃ ᠡᠨᠡ ᠤᠳᠠᠭ᠎ᠠ ᠲᠡᠮᠦᠷ· ᠮᠢᠩᠵᠤᠣᠷ ᠤ᠋ᠨ 《ᠰᠦᠯᠳᠡ ᠶ᠋ᠢᠨ ᠰᠣᠶᠣᠯ ᠤ᠋ᠨ ᠰᠤᠳᠤᠯᠤᠯ》 ᠢ᠋ ᠬᠢᠨᠠᠨ ᠦᠨᠡᠯᠡᠬᠦ ᠬᠤᠷᠠᠯ ᠳ᠋ᠤ᠌ ᠣᠷᠣᠯᠴᠠᠭᠠᠳ ᠲᠡᠮᠦᠷ· ᠮᠢᠩᠵᠤᠤᠷ ᠤ᠋ᠨ ᠰᠦᠯᠳᠡ (ᠲᠤᠭ) ᠶᠢᠨ ᠰᠤᠳᠤᠯᠭᠠᠨ ᠤ᠋ ᠮᠣᠩᠭᠣᠯ ᠬᠢᠲᠠᠳ ᠥᠭᠦᠯᠡᠯ ᠦ᠋ᠳ ᠡᠴᠡ ᠣᠯᠵᠤ ᠦᠵᠡᠭᠡᠳᠦᠢ ᠪᠠᠢᠭᠰᠠᠨ ᠵᠠᠷᠢᠮ ᠥᠭᠦᠯᠡᠯ ᠦ᠋ᠳ ᠢ ᠬᠠᠷᠢᠨ ᠣᠯᠵᠤ ᠦᠵᠡᠯ᠎ᠡ᠃ᠡᠳᠡᠭᠡᠷ ᠥᠭᠦᠯᠡᠯ ᠨᠢ ᠮᠣᠩᠭᠣᠯ ᠰᠦᠯᠳᠡ (ᠲᠤᠭ) ᠶᠢᠨ ᠰᠣᠶᠣᠯ ᠤ᠋ᠨ ᠰᠤᠳᠤᠯᠤᠯ ᠤ᠋ᠨ ᠲᠣᠮᠣ ᠬᠥᠰᠢᠭᠡ ᠶ᠋ᠢ ᠰᠡᠬᠦᠭᠰᠡᠨ ᠰᠢᠨᠵᠢ ᠲᠡᠢ ᠡᠭᠦᠳᠦᠨ ᠪᠦᠲᠦᠭᠡᠯᠲᠡ ᠶ᠋ᠢᠨ ᠦᠨ᠎ᠡ ᠴᠠᠨ᠎ᠠ ᠲᠠᠢ ᠰᠤᠳᠤᠯᠭᠠᠨ ᠤ᠋ ᠦᠷ᠎ᠡ ᠪᠦᠲᠦᠭᠡᠯ ᠪᠣᠯᠬᠤ ᠶᠤᠮ᠃ ᠡᠭᠦᠨ ᠡᠴᠡ ᠡᠮᠦᠨ᠎ᠡ᠂ ᠮᠣᠩᠭᠣᠯ ᠤ᠋ᠨ ᠵᠠᠷᠢᠮ ᠨᠤᠲᠤᠭ ᠤ᠋ᠳ ᠲᠤ᠌᠂ ᠵᠢᠱ᠌ᠢᠶᠡᠯᠡᠪᠡᠯ ᠣᠷᠳᠣᠰ ᠨᠤᠲᠤᠭ ᠢ᠋ᠶ᠋ᠠᠷ ᠰᠦᠯᠳᠡ (ᠲᠤᠭ) ᠶᠢᠨ ᠳᠠᠢᠯᠭ᠎ᠠ ᠲᠠᠬᠢᠯᠭ᠎ᠠ ᠭᠡᠵᠦ ᠪᠠᠢᠭᠰᠠᠨ ᠠ᠋ᠴᠠ ᠪᠢᠰᠢ ᠬᠠᠷᠢᠨ ᠰᠦᠯᠳᠡ ᠶ᠋ᠢᠨ ᠰᠣᠶᠣᠯ ᠭᠡᠵᠦ ᠳᠤᠷᠠᠳᠤᠭᠰᠠᠨ ᠬᠥᠮᠦᠨ ᠬᠣᠪᠣᠷ ᠪᠠᠢᠪᠠ᠃ ᠲᠡᠮᠦᠷ᠂ ᠮᠢᠩᠵᠤᠣᠷ ᠭᠤᠸᠠᠢ ᠠᠷᠪᠠᠨ ᠬᠡᠳᠦᠨ ᠵᠢᠯ ᠦ᠋ᠨ ᠲᠤᠷᠰᠢ᠂ ᠰᠦᠯᠳᠡ (ᠲᠤᠭ) ᠶᠢᠨ ᠪᠡᠯᠭᠡᠳᠡᠯ ᠦ᠋ᠨ ᠰᠣᠶᠣᠯ ᠪᠣᠯᠤᠨ ᠰᠦᠯᠳᠡ (ᠲᠤᠭ) ᠶᠢᠨ ᠦᠢᠯᠡᠳᠬᠦ ᠰᠣᠶᠣᠯ ᠢ᠋ ᠲᠡᠦᠬᠡᠨ ᠮᠠᠲ᠋ᠧᠷᠢᠶᠠᠯ ᠪᠣᠯᠤᠨ ᠠᠷᠠᠳ ᠤ᠋ᠨ ᠳᠤᠮᠳᠠ ᠤᠯᠠᠮᠵᠢᠯᠠᠭᠳᠠᠨ ᠳᠡᠯᠭᠡᠷᠡᠵᠦ ᠪᠠᠢᠭ᠎ᠠ ᠵᠠᠩ ᠵᠠᠩᠰᠢᠯ ᠤ᠋ᠨ ᠡᠰᠢ ᠪᠠᠷᠢᠮᠲᠠ ᠳ᠋ᠤ᠌ ᠲᠦᠰᠢᠭᠯᠡᠵᠦ᠂ ᠠᠩᠬ᠎ᠠ ᠤᠳᠠᠭ᠎ᠠ ᠲᠣᠳᠣᠷᠠᠭᠤᠯᠤᠨ ᠥᠭᠦᠯᠡᠭᠰᠡᠨ ᠪᠠᠢᠨ᠎ᠠ᠃ ᠲᠡᠷᠡᠴᠢᠯᠡᠨ ᠲᠠᠰᠤᠷᠠᠯᠲᠠ ᠦᠭᠡᠢ ᠭᠦᠨᠵᠡᠭᠡᠢᠷᠡᠭᠦᠯᠦᠨ ᠲᠠᠢᠯᠪᠤᠷᠢᠯᠠᠵᠤ᠂ ᠰᠦᠯᠳᠡ ᠶ᠋ᠢᠨ ᠰᠣᠶᠣᠯ ᠤ᠋ᠨ ᠬᠥᠭᠵᠢᠯ ᠪᠠᠳᠠᠷᠠᠯ ᠳ᠋ᠤ᠌ ᠵᠣᠬᠢᠬᠤ ᠦᠢᠯᠡᠳᠦᠯ ᠭᠠᠷᠭᠠᠵᠤ᠂ ᠰᠦᠯᠳᠡ ᠰᠤᠳᠤᠯᠤᠭᠴᠢ ᠣᠯᠠᠨ ᠡᠷᠳᠡᠮᠲᠡᠨ ᠦ᠌ ᠳᠤᠮᠳᠠ ᠴᠢᠬᠤᠯᠠ ᠨᠥᠯᠥᠭᠡ ᠲᠡᠢ ᠪᠣᠯᠵᠠᠢ᠃ ᠡᠨᠡ ᠲᠤᠬᠠᠢ ᠨᠡᠢᠭᠡᠮ ᠨᠡᠢᠲᠡ ᠳ᠋ᠦ᠍ ᠵᠥᠪᠰᠢᠶᠡᠷᠡᠭᠳᠡᠵᠦ ᠪᠠᠢᠬᠤ ᠰᠤᠳᠤᠯᠭᠠᠨ ᠤ᠋ ᠦᠷ᠎ᠡ ᠪᠦᠲᠦᠭᠡᠯ ᠡᠴᠡ ᠠᠪᠴᠤ ᠬᠡᠯᠡᠪᠡᠯ ᠤᠯᠠᠮ ᠣᠢᠯᠠᠭᠠᠮᠵᠢᠲᠠᠢ ᠪᠣᠯᠬᠤ ᠶᠤᠮ᠃ ᠲᠡᠮᠦᠷ· ᠮᠢᠩᠵᠤᠤᠷ ᠤ᠋ᠨ 2003 ᠣᠨ ᠳ᠋ᠤ᠌ ᠪᠢᠴᠢᠭᠰᠡᠨ 《ᠶᠡᠬᠡ ᠶᠤᠸᠠᠨ ᠤᠯᠤᠰ ᠤ᠋ᠨ ᠳᠡᠭᠡᠳᠦ ᠨᠡᠢᠰᠯᠡᠯ ᠦ᠋ᠨ ᠤᠤᠯ ᠳᠦᠷᠢ ᠶᠢ ᠰᠡᠷᠭᠦᠭᠡᠨ ᠪᠠᠢᠭᠤᠯᠬᠤ ᠲᠤᠬᠠᠢ ᠰᠠᠨᠠᠭᠤᠯᠤᠮᠵᠢ》 ᠭᠡᠰᠡᠨ ᠵᠣᠬᠢᠶᠠᠯ ᠨᠢ《ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠤ᠋ 《ᠰᠣᠶᠣᠯ ᠤ᠋ᠨ ᠲᠣᠮᠣ ᠣᠷᠣᠨ ᠤ᠋ ᠪᠠᠢᠭᠤᠯᠤᠯᠲᠠ ᠶ᠋ᠢᠨ ᠲᠤᠬᠠᠢ ᠡᠷᠳᠡᠮᠲᠡᠳ ᠦ᠋ᠨ ᠴᠥᠷᠬᠡᠯᠡᠭᠡ ᠶᠠᠷᠢᠶ᠎ᠠ》 ᠭᠡᠰᠡᠨ ᠪᠤᠯᠤᠩ ᠳᠡᠭᠡᠷ᠎ᠡ ᠨᠡᠢᠲᠡᠯᠡᠭᠳᠡᠵᠦ᠂ ᠰᠡᠭᠦᠯ ᠳ᠋ᠦ᠍ ᠨᠢ《ᠳᠡᠭᠡᠳᠦ ᠨᠡᠢᠰᠯᠡᠯ ᠦ᠋ᠨ ᠰᠣᠶᠣᠯ ᠤ᠋ᠨ ᠰᠤᠳᠤᠯᠤᠯ》 ᠭᠡᠰᠡᠨ ᠨᠣᠮ ᠳ᠋ᠤ᠌ ᠰᠣᠩᠭᠣᠭᠳᠠᠨ ᠣᠷᠣᠵᠠᠢ᠃ ᠵᠣᠬᠢᠶᠠᠭᠴᠢ ᠠ᠋ᠴᠠ ᠰᠦᠯᠳᠡ ᠶ᠋ᠢᠨ ᠰᠣᠶᠣᠯ ᠤ᠋ᠨ ᠲᠤᠬᠠᠢ ᠲᠤᠩ ᠵᠦᠢᠲᠡᠢ ᠠᠩᠬᠠᠨ ᠤ᠋ ᠰᠠᠨᠠᠭᠤᠯᠤᠮᠵᠢ ᠳᠤᠷᠠᠳᠤᠭᠰᠠᠨ ᠪᠠᠢᠳᠠᠭ᠃ ᠲᠡᠷᠡ ᠦᠶ᠎ᠡ ᠡᠴᠡ ᠡᠬᠢᠯᠡᠨ᠂ ᠵᠣᠬᠢᠶᠠᠭᠴᠢ ᠰᠦᠯᠳᠡ ᠶ᠋ᠢᠨ ᠰᠣᠶᠣᠯ ᠤ᠋ᠨ ᠰᠤᠳᠤᠯᠭᠠᠨ ᠢ᠋ᠶ᠋ᠠᠨ ᠭᠠᠷᠳᠠᠨ ᠬᠢᠵᠦ᠂ ᠮᠣᠩᠭᠣᠯ ᠰᠣᠶᠣᠯ ᠰᠤᠳᠤᠯᠭᠠᠨ ᠤ᠋ ᠰᠢᠨ᠎ᠡ ᠨᠢᠭᠡᠨ ᠣᠷᠣᠨ ᠵᠠᠢ ᠶ᠋ᠢ ᠬᠠᠢᠨ ᠰᠦᠪᠡᠭᠴᠢᠯᠡᠭᠰᠡᠨ ᠭᠢᠷᠠᠬᠠᠢ ᠠᠵᠢᠭᠯᠠᠯᠲᠠ᠂ ᠰᠢᠷᠭᠠᠭᠤ ᠡᠷᠢᠯᠬᠢᠯᠡᠯ ᠬᠢᠭᠡᠳ ᠰᠥᠰᠥ ᠵᠣᠷᠢᠭ ᠢ᠋ᠶ᠋ᠠᠨ ᠢᠯᠡᠷᠡᠭᠦᠯᠦᠭᠰᠡᠨ ᠶᠦᠮ᠃ ᠲᠤᠰ ᠵᠣᠬᠢᠶᠠᠯ ᠨᠡᠢᠲᠡᠯᠡᠭᠳᠡᠭᠰᠡᠨ ᠦ᠌ ᠬᠣᠢᠨ᠎ᠠ᠂ ᠵᠢᠩᠬᠢᠨᠢ 《ᠰᠠᠨᠠᠭᠤᠯᠤᠮᠵᠢ》 ᠶ᠋ᠢᠨ ᠦᠢᠯᠡᠳᠦᠯ ᠭᠠᠷᠭᠠᠭᠰᠠᠨ ᠪᠥᠭᠡᠳ ᠰᠠᠨᠠᠯ ᠵᠥᠪᠯᠡᠯᠭᠡ ᠶ᠋ᠢᠨ ᠶᠣᠰᠣᠭᠠᠷ ᠪᠡᠶᠡᠯᠡᠭᠳᠡᠭᠰᠡᠨ ᠪᠠᠢᠨ᠎ᠠ᠃ ᠲᠤᠬᠠᠢᠯᠠᠪᠠᠯ ᠪᠣᠷᠵᠢᠭᠢᠨ ᠬᠤᠪᠢᠰᠬᠠᠯᠲᠤ 《ᠶᠤᠸᠠᠨ ᠤᠯᠤᠰ ᠤ᠋ᠨ ᠳᠡᠭᠡᠳᠦ ᠨᠡᠢᠰᠯᠡᠯ ᠤᠨ ᠤᠤᠯ ᠪᠠᠷᠢᠯᠭ᠎ᠠ ᠨᠤᠭᠤᠳ ᠢ᠋ ᠰᠡᠷᠭᠦᠭᠡᠨ ᠪᠣᠰᠬᠠᠬᠤ ᠢᠨᠵᠧᠨᠧᠷᠢᠩ ᠦ᠋ᠨ ᠲᠥᠰᠥᠪ ᠦ᠋ᠨ ᠵᠦᠢᠯ ᠳ᠋ᠦ᠍ ᠣᠷᠣᠭᠤᠯᠬᠤ ᠲᠤᠬᠠᠢ ᠰᠠᠨᠠᠯ ᠵᠥᠪᠯᠡᠯᠭᠡ》 ᠭᠡᠰᠡᠨ ᠵᠣᠬᠢᠶᠠᠯ ᠲᠤᠭᠤᠷᠪᠢᠨ ᠪᠢᠴᠢᠵᠦ ᠲᠡᠮᠦᠷ· ᠮᠢᠩᠵᠤᠤᠷ ᠤ᠋ᠨ 《ᠶᠡᠬᠡ ᠶᠤᠸᠠᠨ ᠤᠯᠤᠰ ᠤ᠋ᠨ ᠳᠡᠭᠡᠳᠦ ᠨᠡᠢᠰᠯᠡᠯ ᠦ᠋ᠨ ᠤᠤᠯ ᠳᠦᠷᠢ ᠶ᠋ᠢ ᠰᠡᠷᠭᠦᠭᠡᠨ ᠪᠠᠢᠭᠤᠯᠬᠤ ᠲᠤᠬᠠᠢ ᠰᠠᠨᠠᠭᠤᠯᠤᠮᠵᠢ》 ᠪᠣᠯ ᠲᠤᠩ ᠰᠠᠢᠨ ᠰᠠᠨᠠᠯ ᠵᠥᠪᠯᠡᠯᠭᠡ ᠮᠥᠨ ᠭᠡᠵᠦ ᠮᠠᠭᠲᠠᠨ ᠦᠨᠡᠯᠡᠭᠰᠡᠨ ᠦ᠌ ᠳᠠᠭᠠᠤ ᠥᠪᠡᠷ ᠢ᠋ᠶ᠋ᠡᠨ ᠶᠡᠬᠡ ᠶᠤᠸᠠᠨ ᠤᠯᠤᠰ ᠤ᠋ᠨ ᠳᠡᠭᠡᠳᠦ ᠨᠡᠢᠰᠯᠡᠯ ᠬᠣᠲᠠ ᠶ᠋ᠢᠨ ᠲᠣᠢᠮᠣ ᠪᠠᠢᠳᠠᠯ ᠢ᠋ ᠲᠣᠳᠣᠷᠠᠭᠤᠯᠤᠨ ᠥᠭᠦᠯᠡᠭᠰᠡᠨ; ᠮᠥᠨ ᠡᠭᠦᠨ ᠡᠴᠡ ᠰᠡᠷᠡᠯᠲᠡ ᠠᠪᠴᠤ᠂ ᠮᠠᠰᠢ ᠣᠯᠠᠨ ᠲᠥᠯᠥᠪᠯᠡᠨ ᠵᠢᠷᠤᠭᠴᠢᠳ ᠲᠤ᠌ ᠠᠰᠢᠭᠯᠠᠭᠳᠠᠵᠤ᠂ 《ᠳᠡᠭᠡᠳᠦ ᠨᠡᠢᠰᠯᠡᠯ ᠦ᠋ᠨ ᠠᠯᠲᠠᠨ ᠣᠷᠣᠢᠲᠤ ᠶᠡᠬᠡ ᠴᠠᠴᠠᠷ ᠤ᠋ᠨ ᠤᠤᠯ ᠳᠦᠷᠢ ᠶ᠋ᠢᠨ ᠰᠡᠷᠭᠦᠭᠡᠯᠲᠡ ᠵᠢᠷᠤᠭ》᠂ 《ᠶᠤᠸᠠᠨ ᠤᠯᠤᠰ ᠤ᠋ᠨ ᠢᠦᠢ ᠲᠢᠶᠠᠨ ᠮᠧᠨ ᠡᠭᠦᠳᠡᠨ ᠦ᠌ ᠤᠤᠯ ᠰᠡᠷᠭᠦᠭᠡᠯᠲᠡ ᠵᠢᠷᠤᠭ》᠂ 《ᠶᠤᠸᠠᠨ ᠤ᠋ ᠳᠡᠭᠡᠳᠦ ᠨᠡᠢᠰᠯᠡᠯ ᠦ᠋ᠨ ᠳᠡ ᠠᠨ ᠭᠧ ᠠᠰᠠᠷ ᠤ᠋ᠨ ᠤᠤᠯ ᠳᠦᠷᠢ ᠶ᠋ᠢᠨ ᠰᠡᠷᠭᠦᠭᠡᠯᠲᠡ ᠵᠢᠷᠤᠭ》 ᠵᠡᠷᠭᠡ ᠳᠡᠭᠡᠳᠦ ᠨᠡᠢᠰᠯᠡᠯ ᠦ᠋ᠨ ᠪᠠᠷᠢᠯᠭ᠎ᠠ ᠶ᠋ᠢᠨ ᠤᠤᠯ ᠳᠦᠷᠢ ᠶ᠋ᠢᠨ ᠰᠡᠷᠭᠦᠭᠡᠯᠲᠡ ᠵᠢᠷᠤᠭ ᠤ᠋ᠳ ᠪᠣᠢ ᠪᠣᠯᠤᠭᠰᠠᠨ; ᠲᠡᠷᠡ ᠪᠠᠰᠠ 《ᠶᠤᠸᠠᠨ ᠤᠯᠤᠰ ᠤ᠋ᠨ ᠲᠡᠦᠬᠡ》 ᠪᠠ ᠶᠤᠸᠠᠨ ᠤᠯᠤᠰ ᠤ᠋ᠨ ᠦᠶ᠎ᠡ ᠶ᠋ᠢᠨ ᠬᠥᠰᠢᠶ᠎ᠡ ᠶ᠋ᠢᠨ ᠲᠡᠮᠳᠡᠭᠯᠡᠯ ᠳ᠋ᠡᠬᠢ ᠬᠠᠴᠢᠨ ᠰᠣᠨᠢᠨ ᠦᠭᠡᠰ ᠢ᠋ ᠡᠷᠢᠵᠦ ᠣᠯᠤᠭᠠᠳ ᠬᠠᠷᠭᠤᠭᠤᠯᠤᠨ ᠮᠠᠭᠠᠳᠯᠠᠬᠤ ᠪᠠᠷ ᠳᠠᠮᠵᠢᠨ ᠶᠡᠬᠡ ᠶᠤᠸᠠᠨ ᠤᠯᠤᠰ ᠤ᠋ᠨ ᠦᠶ᠎ᠡ ᠳ᠋ᠦ᠍ ᠴᠠᠭᠠᠨ ᠲᠤᠭ᠂ ᠬᠠᠷ᠎ᠠ ᠲᠤᠭ ᠪᠣᠯᠤᠨ ᠠᠯᠠᠭ ᠲᠤᠭ ᠢ᠋ ᠬᠡᠷᠬᠢᠨ ᠳᠡᠭᠡᠳᠦᠯᠡᠨ ᠬᠡᠷᠡᠭᠯᠡᠵᠦ ᠪᠠᠢᠭᠰᠠᠨ ᠢ᠋ ᠨᠤᠲᠠᠯᠠᠭᠰᠠᠨ ᠪᠠᠢᠨ᠎ᠠ᠃ ᠶᠡᠷᠦᠩᠬᠡᠢᠯᠡᠵᠦ ᠦᠵᠡᠪᠡᠯ ᠲᠡᠮᠦᠷ᠂ ᠮᠢᠩᠵᠤᠤᠷ ᠤ᠋ᠨ ᠥᠭᠦᠯᠡᠯ ᠪᠣᠯ ᠡᠰᠢ ᠪᠠᠷᠢᠮᠲᠠ ᠨᠢ ᠨᠠᠢᠳᠠᠪᠤᠷᠢᠲᠠᠢ᠂ ᠨᠤᠲᠠᠯᠠᠯᠲᠠ ᠨᠢ ᠵᠥᠪ ᠣᠨᠣᠪᠴᠢᠲᠠᠢ᠂ ᠦᠨᠡᠨ ᠲᠡᠢ ᠨᠡᠢᠴᠡᠵᠦ᠂ ᠬᠥᠮᠦᠨ ᠢ᠋ ᠢᠲᠡᠭᠡᠭᠦᠯᠬᠦ ᠬᠦᠴᠦᠨ ᠲᠡᠢ ᠪᠠᠢᠨ᠎ᠠ᠃ᠡᠳᠡᠭᠡᠷ ᠵᠣᠬᠢᠶᠠᠯ ᠨᠢ ᠰᠦᠯᠳᠡ ᠶ᠋ᠢᠨ ᠰᠣᠶᠣᠯ ᠤ᠋ᠨ ᠰᠤᠳᠤᠯᠭᠠᠨ ᠤ᠋ ᠭᠦᠨᠵᠡᠭᠡᠢᠷᠡᠯ ᠪᠠ ᠥᠷᠭᠡᠵᠢᠯ ᠳ᠋ᠦ᠍ ᠦᠢᠯᠡᠳᠦᠯ ᠢ᠋ᠶ᠋ᠡᠨ ᠦᠵᠡᠭᠦᠯᠬᠦ ᠨᠢ ᠯᠠᠪᠲᠠᠢ᠃
ᠲᠡᠮᠦᠷ᠂ ᠮᠢᠩᠵᠤᠣᠷ ᠭᠤᠸᠠᠢ ᠶ᠋ᠢ ᠰᠢᠯᠢ ᠶ᠋ᠢᠨ ᠭᠣᠣᠯ ᠠᠵᠢᠯ ᠮᠡᠷᠭᠡᠵᠢᠯ ᠦ᠋ᠨ ᠳᠡᠭᠡᠳᠦ ᠰᠤᠷᠭᠠᠭᠤᠯᠢ ᠶ᠋ᠢᠨ ᠮᠣᠩᠭᠣᠯ ᠰᠣᠶᠣᠯ ᠰᠤᠳᠤᠯᠬᠤ ᠭᠠᠵᠠᠷ ᠲᠤ᠌ ᠪᠠᠨ ᠣᠨᠴᠠ ᠤᠷᠢᠭᠰᠠᠨ ᠰᠤᠳᠤᠯᠭᠠᠲᠠᠨ ᠢ᠋ᠶ᠋ᠠᠷ ᠠᠵᠢᠯᠯᠠᠭᠤᠯᠵᠤ ᠪᠠᠢᠬᠤ ᠳ᠋ᠠᠭᠠᠨ ᠡᠨᠡ ᠨᠠᠰᠤᠲᠠᠨ ᠥᠭᠦᠯᠡᠯ ᠵᠣᠬᠢᠶᠠᠯ ᠪᠢᠴᠢᠬᠦ ᠶ᠋ᠢᠨ ᠵᠡᠷᠭᠡᠴᠡᠭᠡ ᠬᠡᠵᠢᠶᠡᠳᠡ ᠯᠡ ᠭᠡᠷ ᠳᠦᠭᠦᠷᠡᠩ ᠪᠢᠷ ᠪᠣᠳᠣᠭ ᠨᠠᠢᠷᠠᠵᠤ ᠵᠢᠷᠤᠭ ᠤᠷᠠᠯᠠᠯ ᠪᠦᠲᠦᠭᠡᠬᠦ᠂ ᠪᠠᠰᠠ ᠰᠦᠯᠳᠡ (ᠲᠤᠭ) ᠶᠢᠨ ᠮᠠᠨᠵᠢᠯᠭ᠎ᠠ ᠶ᠋ᠢ ᠤᠷᠠᠯᠠᠨ ᠵᠢᠷᠤᠵᠤ ᠪᠠᠢᠭᠰᠠᠨ ᠢ᠋ᠶ᠋ᠠᠨ ᠭᠡᠨᠡᠳᠲᠡ ᠲᠡᠭᠦᠨ ᠡᠴᠡ ᠪᠡᠨ ᠰᠡᠳᠬᠢᠵᠦ᠂ ᠳᠡᠯ ᠤᠭᠠᠯᠵᠠ ᠶ᠋ᠢ ᠤᠷᠠᠯᠠᠨ ᠪᠦᠲᠦᠭᠡᠭᠡᠳ ᠵᠣᠬᠢᠶᠠᠭᠴᠢ ᠶ᠋ᠢᠨ ᠡᠷᠬᠡ ᠶ᠋ᠢ ᠠᠯᠪᠠᠨ ᠶᠣᠰᠣ ᠪᠠᠷ ᠡᠷᠡᠮᠡᠯᠵᠡᠨ ᠣᠯᠤᠭᠰᠠᠨ ᠢ᠋ ᠨᠢ ᠭᠠᠢᠬᠠᠨ ᠬᠠᠷᠠᠪᠠ᠃ ᠢᠩᠭᠢᠭᠡᠳ ᠲᠡᠮᠦᠷ· ᠮᠢᠩᠵᠤᠤᠷ ᠨᠠᠰᠤᠲᠠᠨ ᠤ᠋ ᠰᠦᠯᠳᠡ ᠶ᠋ᠢᠨ ᠰᠣᠶᠣᠯ ᠤᠨ ᠣᠯᠠᠨ ᠲᠠᠯ᠎ᠠ ᠶ᠋ᠢᠨ ᠠᠴᠢ ᠬᠣᠯᠪᠣᠭᠳᠠᠯ ᠢ᠋ ᠢᠯᠡᠷᠡᠭᠦᠯᠦᠨ ᠳᠡᠯᠭᠡᠷᠡᠭᠦᠯᠵᠦ ᠪᠠᠢᠭ᠎ᠠ ᠶ᠋ᠢ ᠪᠡᠶᠡᠴᠢᠯᠡᠨ ᠣᠢᠯᠠᠭᠠᠭᠠᠳ ᠦᠨᠳᠦᠰᠦᠲᠡᠨ ᠦ᠌ ᠪᠡᠨ ᠰᠣᠶᠣᠯ ᠤ᠋ᠨ ᠠᠭᠤᠷᠬᠠᠢ ᠠ᠋ᠴᠠ ᠠᠯᠲᠠ ᠰᠢᠷᠭᠠᠭᠠᠵᠤ ᠦᠳᠡᠯᠦᠭᠡ ᠨᠠᠰᠤᠨ ᠤ᠋ ᠬᠦᠴᠦ ᠣᠶᠤᠨ ᠢ᠋ᠶ᠋ᠠᠨ ᠰᠢᠪᠬᠠᠨ ᠵᠣᠷᠢᠭᠤᠯᠵᠤ ᠶᠠᠪᠤᠭ᠎ᠠ ᠳ᠋ᠤ᠌ ᠨᠢ ᠬᠦᠨᠳᠦᠳᠬᠡᠯ ᠪᠢᠰᠢᠷᠡᠯ ᠢ᠋ᠶ᠋ᠡᠨ ᠢᠯᠡᠳᠬᠡᠵᠦ ᠪᠠᠢᠨ᠎ᠠ᠃
ᠰᠸᠷᠠᠩᠨᠠᠳᠮᠢᠳ
(ᠰᠢᠯᠢ ᠶ᠋ᠢᠨ ᠭᠣᠣᠯ ᠠᠵᠢᠯ ᠮᠡᠷᠭᠡᠵᠢᠯ ᠦ᠋ᠨ ᠳᠡᠭᠡᠳᠦ ᠰᠤᠷᠭᠠᠭᠤᠯᠢ ᠶ᠋ᠢᠨ
ᠮᠣᠩᠭᠣᠯ ᠰᠣᠶᠣᠯ ᠰᠤᠳᠤᠯᠬᠤ ᠭᠠᠵᠠᠷ ᠤ᠋ᠨ ᠡᠷᠬᠢᠯᠡᠭᠴᠢ᠂ ᠫᠷᠣᠹᠧᠰᠰᠣᠷ)
ᠰᠢᠯᠢ ᠶ᠋ᠢᠨ ᠬᠣᠲᠠᠨ᠎ᠠ
