ᠠᠮᠢ ᠨᠠᠰᠤᠨ ᠤ᠋ ᠵᠤᠯᠠ ᠶ᠋ᠢ ᠪᠠᠳᠠᠷᠠᠭᠠᠭᠴᠢ-ᠪᠠᠢ ᠭᠠᠩ ᠡᠮᠴᠢ ᠶ᠋ᠢᠨ ᠶᠠᠷᠢᠯᠴᠠᠭ᠎ᠠАмь насны зулыг бадаргугч-Бай ган эмчийн ярилцаа ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢ ᠨᠠᠰᠤᠨ ᠤ᠋ ᠵᠤᠯᠠ ᠶ᠋ᠢ ᠪᠠᠳᠠᠷᠠᠭᠠᠭᠴᠢ-ᠪᠠᠢ ᠭᠠᠩ ᠡᠮᠴᠢ ᠶ᠋ᠢᠨ ᠶᠠᠷᠢᠯᠴᠠᠭ᠎ᠠАмь насны зулыг бадаргугч-Бай ган эмчийн ярилцаа

ᠠᠮᠢ ᠨᠠᠰᠤᠨ ᠤ᠋ ᠵᠤᠯᠠ ᠶ᠋ᠢ ᠪᠠᠳᠠᠷᠠᠭᠠᠭᠴᠢ-ᠪᠠᠢ ᠭᠠᠩ ᠡᠮᠴᠢ ᠶ᠋ᠢᠨ ᠶᠠᠷᠢᠯᠴᠠᠭ᠎ᠠАмь насны зулыг бадаргугч-Бай ган эмчийн ярилцаа

2026-03-15

402

ᠠᠮᠢ ᠨᠠᠰᠤᠨ ᠤ᠋ ᠵᠤᠯᠠ ᠶ᠋ᠢ ᠪᠠᠳᠠᠷᠠᠭᠠᠭᠴᠢ


                             — ᠪᠠᠢ ᠭᠠᠩ ᠡᠮᠴᠢ ᠶ᠋ᠢᠨ ᠶᠠᠷᠢᠯᠴᠠᠭ᠎ᠠ         

       ᠡᠷᠯᠢᠭ ᠲᠦ᠍ ᠣᠴᠢᠭᠠᠳ ᠡᠷᠯᠢᠭ ᠦ᠋ᠨ ᠬᠠᠭᠠᠨ ᠲᠠᠢ ᠤᠴᠠᠷᠠᠬᠤᠯᠠᠷ ᠡᠷᠯᠢᠭ ᠦ᠋ᠨ ᠬᠠᠭᠠᠨ ᠠᠰᠠᠭᠤᠵᠠᠢ᠄《ᠴᠢ ᠪᠠᠢ ᠭᠠᠩ ᠮᠥᠨ ᠤᠤ?》《ᠪᠢ᠂ ᠪᠠᠢ ᠭᠠᠩ ᠮᠥᠨ ᠠ᠋》《ᠬᠦᠢ᠂ ᠴᠢ ᠴᠢᠨᠢ ᠲᠡᠢᠮᠦ ᠣᠯᠠᠨ ᠬᠥᠮᠦᠨ ᠳ᠋ᠦ᠍ ᠲᠤᠰᠠ ᠬᠢᠭᠡᠳ ᠡᠢᠮᠦ ᠡᠷᠲᠡ ᠶᠠᠭᠠᠬᠢᠭᠠᠳ ᠡᠪᠡᠳᠴᠢᠨ ᠣᠯᠤᠭᠰᠠ ᠪᠣᠢ?》  ᠪᠢ᠄《ᠪᠡᠶ᠎ᠡ ᠪᠡᠨ ᠠᠰᠠᠷᠠᠭᠰᠠᠨ ᠨᠢ ᠮᠠᠭᠤ ᠲᠡᠭᠡᠭᠡᠳ ᠡᠪᠡᠳᠴᠢᠨ ᠣᠯᠴᠢᠬᠠᠵᠠᠢ》《ᠴᠢ ᠠᠷᠪᠢᠨ ᠬᠥᠮᠦᠨ ᠳ᠋ᠦ᠍ ᠲᠤᠰᠠ ᠬᠢᠭᠡᠭᠡᠳᠦᠢ᠂ ᠦᠬᠦᠬᠦ ᠴᠠᠭ ᠴᠢᠨᠢ ᠲᠤᠯᠤᠭᠠᠳᠤᠢ᠂ ᠡᠭᠦᠷᠭᠡ ᠴᠢᠨᠢ ᠪᠠᠷᠠᠭᠠᠳᠤᠢ ᠡᠷᠭᠢᠭᠡᠳ ᠶᠠᠪᠤ! ᠭᠡᠳ ᠪᠤᠬᠤᠷ ᠢ᠋ ᠠᠯᠠᠭᠠᠳᠠᠭᠠᠳ ᠶᠠᠪᠤᠭᠤᠯᠴᠢᠬᠠᠵᠠᠢ᠃ 
       ᠰᠤᠷᠪᠤᠯᠵᠢᠯᠠᠭᠴᠢ᠄ ᠲᠠ ᠴᠢᠨᠢ ᠶᠡᠬᠡ ᠶᠦᠮᠦᠷᠯᠢᠭ ᠬᠥᠮᠦᠨ ᠪᠠᠢᠨ᠎ᠠ᠂ 
       ᠮᠢᠨᠦ ᠨᠤᠲᠤᠭ ᠪᠣᠯ ᠮᠣᠩᠭᠣᠯᠵᠢᠨ ᠨᠤᠲᠤᠭ ᠲᠠᠢ᠂ ᠴᠠᠬᠠᠷ ᠠᠢᠮᠠᠭ ᠤ᠋ᠨ ᠪᠠᠢ ᠣᠪᠣᠭᠲᠠᠨ᠂ ᠤᠤᠯ ᠤ᠋ᠨ ᠭᠡᠷ ᠦ᠋ᠨ ᠰᠤᠷᠪᠤᠯᠵᠢ ᠶ᠋ᠢ ᠦᠨᠳᠦᠰᠦᠯᠡᠪᠡᠯ ᠪᠢᠳᠡ ᠪᠣᠯ ᠴᠠᠬᠠᠷ ᠤ᠋ᠨ ᠬᠥᠮᠦᠨ᠂ ᠯᠢᠭᠳᠡᠨ ᠬᠠᠭᠠᠨ ᠤ᠋ ᠦᠶᠡᠰ ᠨᠠᠢ᠍ᠮᠠ ᠬᠤᠪᠢᠶᠠᠭᠳᠠᠭᠰᠠᠨ᠂ ᠮᠠᠨ ᠤ᠋ ᠡᠨᠡ ᠰᠠᠯᠠᠭ᠎ᠠ ᠪᠣᠯ᠂ ᠬᠥᠬᠡᠬᠣᠲᠠ ᠶ᠋ᠢᠨ ᠬᠠᠭᠤᠴᠢᠨ ᠬᠣᠲᠠ ᠠ᠋ᠴᠠ ᠨᠡᠭᠦᠳᠡᠯᠯᠡᠵᠦ ᠢᠷᠡᠭᠰᠡᠨ ᠪᠠᠢᠨ᠎ᠠ᠂ ᠭᠤᠷᠪᠠᠨ ᠵᠠᠭᠤᠨ ᠣᠨ ᠤ᠋ ᠡᠮᠦᠨ᠎ᠡ ᠬᠥᠬᠡᠬᠣᠲᠠ ᠶ᠋ᠢᠨ ᠬᠠᠭᠤᠴᠢᠨ ᠬᠣᠲᠠ ᠶ᠋ᠢᠨ ᠱᠠᠮᠪᠠ ᠨᠣᠶᠠᠨ ᠢ᠋ ᠳᠠᠭᠠᠵᠤ ᠭᠠᠷᠴᠤ ᠢᠷᠡᠭᠡᠳ᠂ ᠣᠳᠣ ᠶ᠋ᠢᠨ ᠮᠣᠩᠭᠣᠯᠵᠢᠨ ᠨᠤᠲᠤᠭ ᠲᠤ᠌ ᠨᠤᠲᠤᠭᠯᠠᠵᠠᠢ᠂ ᠪᠠᠷᠤᠭ ᠠᠷᠪᠠᠨ ᠬᠡᠳᠦᠨ ᠦᠶ᠎ᠡ ᠪᠣᠯᠤᠭᠰᠠᠨ ᠶᠤᠮ ᠪᠠᠢᠨ᠎ᠠ᠃ ᠮᠢᠨᠦ ᠡᠵᠢ ᠠᠪᠤ ᠪᠣᠯ ᠲᠠᠷᠢᠶᠠᠴᠢᠨ᠂ ᠦᠬᠡᠷ ᠲᠠᠷᠢᠶᠠᠴᠢᠨ᠂ ᠪᠢᠴᠢᠭ ᠦᠵᠡᠭᠰᠡᠨ ᠦᠭᠡᠢ᠂ ᠭᠡᠷ ᠪᠦᠯᠢ ᠳᠣᠲᠣᠷ᠎ᠠ ᠪᠣᠯᠪᠠᠯ᠂ ᠮᠢᠨᠦ ᠯᠠᠮᠠ ᠡᠪᠦᠭᠡ ᠪᠣᠯ ᠡᠮᠴᠢ᠂ ᠪᠠᠶᠠᠩᠭ᠎ᠠ ᠡᠮᠴᠢ᠂ ᠲᠡᠷᠡ ᠪᠣᠯ ᠭᠡᠭᠡᠨ ᠰᠦᠮ᠎ᠡ ᠶ᠋ᠢᠨ ᠮᠠᠮᠪᠠᠷᠠᠰᠠᠩ ᠤ᠋ᠨ ᠡᠮᠴᠢ᠂ ᠳ᠋ᠣᠪᠴᠧ ᠡᠮᠴᠢ᠂ ᠨᠣᠶᠠᠨ ᠪᠣᠯᠤᠨ ᠭᠡᠭᠡᠨ ᠰᠦᠮ᠎ᠡ ᠶ᠋ᠢᠨ ᠭᠡᠭᠡᠨ ᠳ᠋ᠦ᠍ ᠵᠠᠷᠤᠭᠳᠠᠵᠤ ᠡᠮᠴᠢᠯᠡᠳᠡᠭ ᠨᠡᠷᠡᠲᠦ ᠡᠮᠴᠢ ᠶ᠋ᠢ ᠳ᠋ᠣᠪᠴᠧ ᠭᠡᠵᠦ ᠬᠡᠯᠡᠨ᠎ᠡ᠃ ᠮᠢᠨᠦ ᠠᠪᠠᠭ᠎ᠠ ᠪᠣᠯᠪᠠᠯ ᠠᠬ᠎ᠠ ᠳᠡᠭᠦᠦ ᠳᠥᠷᠪᠡ᠄ ᠶᠡᠬᠡ ᠨᠢ ᠪᠣᠯᠪᠠᠯ ᠮᠠᠨᠪᠠᠵᠠᠪ᠂ ᠬᠣᠶᠠᠳᠤᠭᠠᠷ ᠨᠢ ᠪᠣᠯᠪᠠᠯ ᠶᠢᠨᠵᠠᠪ᠂ ᠮᠢᠨᠦ ᠠᠪᠤ ᠪᠣᠯ ᠭᠤᠷᠪᠠᠳᠤᠭᠠᠷ ᠨᠢ ᠲᠣᠭᠲᠠᠨᠵᠠᠪ᠂ ᠮᠢᠨᠦ ᠠᠪᠠᠭ᠎ᠠ ᠪᠣᠯᠪᠠᠯ ᠡᠷᠳᠡᠨᠢᠵᠠᠪ᠂ ᠮᠢᠨᠦ ᠡᠮᠴᠢ ᠡᠪᠦᠭᠡ ᠡᠨᠡ ᠠᠪᠠᠭ᠎ᠠ ᠶ᠋ᠢ ᠡᠮᠴᠢ ᠰᠤᠷᠭᠠᠵᠠᠢ᠂ ᠭᠡᠲᠡᠯ᠎ᠡ ᠡᠮᠴᠢ ᠰᠤᠷᠭᠠᠭᠠᠳ ᠬᠣᠷᠢᠨ ᠨᠠᠰᠤᠲᠠᠢ ᠵᠢᠯ ᠳ᠋ᠦ᠍ ᠨᠢ《ᠪᠤᠯᠴᠢᠩ ᠤᠷᠪᠠᠬᠤ ᠡᠪᠡᠳᠴᠢᠨ》᠂ ᠮᠣᠩᠭᠣᠯ ᠡᠮᠴᠢᠯᠡᠭᠡᠨ ᠳᠡᠭᠡᠷ᠎ᠡ《ᠪᠤᠯᠴᠢᠩ ᠤᠷᠪᠠᠬᠤ ᠡᠪᠡᠳᠴᠢᠨ 》ᠭᠡᠵᠦ ᠬᠡᠯᠡᠨ᠎ᠡ᠂ ᠬᠢᠲᠠᠳ ᠢ᠋ᠶ᠋ᠠᠷ 《ᠭᠦᠸᠧ ᠯᠦᠸᠠᠨ᠂ ᠬᠠᠯᠳᠠᠪᠤᠷᠢᠲᠤ ᠡᠪᠡᠳᠴᠢᠨ》᠂ ᠬᠠᠯᠳᠠᠪᠤᠷᠢᠲᠤ ᠡᠪᠡᠳᠴᠢᠨ ᠢ᠋ ᠵᠠᠰᠠᠬᠤ ᠪᠠᠷ ᠣᠴᠢᠭᠠᠳ᠂ ᠰᠡᠷᠭᠡᠢᠯᠡᠬᠦ ᠡᠮ ᠢ᠋ ᠭᠦᠢᠴᠡᠳ ᠠᠪᠠᠴᠢᠭᠰᠠᠨ ᠦᠭᠡᠢ᠂ ᠥᠪᠡᠷ ᠢ᠋ᠶ᠋ᠡᠨ ᠲᠡᠷᠡ ᠡᠪᠡᠳᠴᠢᠨ ᠳ᠋ᠦ᠍ ᠣᠨᠣᠭᠳᠠᠵᠠᠢ᠂ ᠡᠢᠮᠦ ᠡᠴᠡ ᠮᠠᠨ ᠤ᠋ ᠠᠪᠤ ᠶ᠋ᠢᠨ ᠦᠶ᠎ᠡ ᠳ᠋ᠦ᠍ ᠨᠢᠭᠡ ᠡᠮᠴᠢ ᠦᠭᠡᠢ᠂ ᠪᠦᠷ ᠦᠬᠡᠷ ᠲᠠᠷᠢᠶᠠᠴᠢᠨ᠂ ᠦᠬᠡᠷ ᠲᠠᠷᠢᠶᠠᠴᠢᠨ ᠢ᠋ᠶ᠋ᠠᠷ ᠪᠠᠷᠠᠬᠤ ᠦᠭᠡᠢ ᠪᠢᠴᠢᠭ ᠪᠠᠰᠠ ᠦᠵᠡᠭᠰᠡᠨ ᠦᠭᠡᠢ᠃ 
       ᠰᠤᠷᠪᠤᠯᠵᠢᠯᠠᠭᠴᠢ᠄ ᠲᠠ ᠠᠪᠤ ᠠ᠋ᠴᠠ ᠪᠠᠨ ᠠᠬ᠎ᠠ ᠳᠡᠭᠦᠦ ᠬᠡᠳᠦᠭᠦᠯᠡ ᠪᠣᠢ! 
       ᠪᠢ ᠪᠣᠯ ᠮᠥᠮᠥ ᠠᠪᠤ ᠠ᠋ᠴᠠ ᠪᠠᠨ ᠲᠠᠪᠤᠭᠤᠯᠠ᠂ ᠮᠢᠨᠦ ᠳᠡᠭᠡᠷ᠎ᠡ ᠪᠣᠯ ᠬᠣᠶᠠᠷ ᠬᠡᠦᠬᠡᠳ ᠭᠡᠭᠡᠭᠳᠡᠵᠡᠢ᠂ ᠬᠣᠶᠠᠷ ᠠᠬ᠎ᠠ ᠭᠡᠭᠡᠭᠳᠡᠵᠡᠢ᠃ ᠪᠢ ᠪᠣᠯ ᠭᠤᠷᠪᠠᠳᠤᠭᠠᠷ ᠨᠢ᠂ ᠮᠢᠨᠦ ᠪᠠᠭ᠎ᠠ ᠶ᠋ᠢᠨ ᠨᠡᠷ᠎ᠡ ᠪᠣᠯ ᠨᠠᠩᠭ᠎ᠠ ᠭᠡᠵᠦ ᠬᠡᠯᠡᠨ᠎ᠡ᠃ ᠶᠠᠭᠤᠨ ᠳ᠋ᠤ᠌ ᠲᠡᠭᠡᠵᠦ ᠨᠡᠷᠡᠯᠡᠭᠰᠡᠨ ᠪᠣᠢ!ᠭᠡᠪᠡᠯ᠂ ᠮᠢᠨᠦ ᠳᠡᠭᠡᠲᠡᠢ ᠬᠣᠶᠠᠷ ᠠᠬ᠎ᠠ ᠭᠡᠭᠡᠭᠳᠡᠭᠰᠡᠨ ᠦ᠌ ᠳᠠᠷᠠᠭ᠎ᠠ ᠪᠣᠯᠪᠠᠯ ᠮᠢᠨᠦ ᠮᠥᠮᠥ ᠵᠢᠷᠮᠦᠰᠦᠯᠡᠬᠦ ᠦᠭᠡᠢ ᠯᠠᠢ᠂ ᠰᠠᠷ᠎ᠠ ᠲᠠᠢ ᠪᠣᠯᠬᠤ ᠦᠭᠡᠢ ᠯᠠᠢ᠂ ᠬᠣᠶᠠᠷ ᠵᠢᠯ ᠢᠯᠡᠭᠦᠦ ᠬᠦᠯᠢᠶᠡᠵᠡᠢ᠂ ᠢᠩᠭᠢᠭᠡᠳ ᠮᠠᠨ ᠤ᠋ ᠲᠡᠨᠳᠡᠬᠢ ᠮᠣᠩᠭᠣᠯᠵᠢᠨ ᠬᠤᠰᠢᠭᠤᠨ ᠳ᠋ᠤ᠌ ᠪᠣᠯᠪᠠᠯ ᠲᠣᠰᠬᠣᠨ ᠠᠢᠯ ᠤ᠋ᠨ ᠰᠦᠮ᠎ᠡ ᠭᠡᠵᠦ ᠪᠠᠢᠨ᠎ᠠ 《ᠲᠣᠰᠬᠣᠨ ᠰᠦᠮ᠎ᠡ》 ᠭᠡᠨ᠎ᠡ᠂ ᠡᠭᠦᠨ ᠳ᠋ᠦ᠍ ᠨᠢᠭᠡ ᠬᠤᠪᠢᠯᠭᠠᠨ ᠭᠡᠭᠡᠨ ᠪᠠᠢᠨ᠎ᠠ᠂ ᠨᠡᠷ᠎ᠡ ᠨᠢ ᠪᠣᠯ ᠶᠧᠰᠢᠳᠠᠨᠽᠠᠨ᠂ ᠡᠭᠦᠨ ᠢ᠋ ᠲᠠᠪᠤᠨ ᠳᠢᠶᠠᠨᠴᠢ ᠭᠡᠭᠡᠨ ᠭᠡᠵᠦ ᠬᠡᠯᠡᠨ᠎ᠡ᠂ ᠲᠡᠭᠦᠨ ᠡᠴᠡ ᠦᠷ᠎ᠡ ᠶ᠋ᠢᠨ ᠬᠤᠲᠤᠭ ᠭᠤᠶᠤᠭᠠᠳ ᠨᠠᠮ᠎ᠠ ᠶ᠋ᠢ ᠣᠯᠵᠠᠢ᠃ ᠶᠧᠰᠢᠳᠠᠨᠽᠠᠨ ᠭᠡᠭᠡᠨ ᠪᠣᠯ ᠶᠡᠬᠡ ᠡᠷᠳᠡᠮ ᠲᠡᠢ ᠳᠡᠭᠡᠷ᠎ᠡ ᠪᠡᠨ ᠬᠤᠪᠢᠯᠭᠠᠨ ᠲᠠᠢ ᠬᠥᠮᠦᠨ᠂ ᠬᠡᠵᠢᠶᠡᠳᠡ ᠶᠠᠪᠠᠭᠠᠨ ᠢ᠋ᠶ᠋ᠠᠷ ᠶᠠᠪᠤᠳᠠᠭ᠃ ᠦᠷ᠎ᠡ ᠶ᠋ᠢᠨ ᠬᠤᠲᠤᠭ ᠭᠤᠶᠤᠭᠰᠠᠨ ᠤ᠋ ᠳᠠᠷᠠᠭ᠎ᠠ᠂ ᠳᠠᠷᠠᠭ᠎ᠠ ᠵᠢᠯ ᠦ᠋ᠨ ᠠᠷᠪᠠᠨ ᠨᠢᠭᠡᠨ ᠰᠠᠷ᠎ᠠ ᠶ᠋ᠢᠨ ᠠᠷᠪᠠᠨ ᠳᠣᠯᠣᠭᠠᠨ ᠤ᠋ ᠡᠳᠦᠷ᠂ ᠪᠢᠯᠢᠭ ᠦ᠋ᠨ ᠤᠯᠠᠷᠢᠯ ᠶᠤᠮ ᠤᠤ᠂ ᠠᠷᠭ᠎ᠠ ᠶ᠋ᠢᠨ ᠤᠯᠠᠷᠢᠯ ᠶᠤᠮ ᠤᠤ! ᠮᠡᠳᠡᠬᠦ ᠦᠭᠡᠢ᠂ ᠮᠢᠩᠭ᠎ᠠ ᠶᠢᠰᠦᠨ ᠵᠠᠭᠤ ᠳᠥᠴᠢᠨ ᠳᠣᠯᠣᠭᠠᠨ ᠣᠨ ᠤ᠋ ᠠᠷᠪᠠᠨ ᠨᠢᠭᠡᠨ ᠰᠠᠷ᠎ᠠ ᠶ᠋ᠢᠨ ᠠᠷᠪᠠᠨ ᠳᠣᠯᠣᠭᠠᠨ ᠤ᠋ ᠡᠳᠦᠷ ᠦ᠋ᠨ ᠥᠷᠯᠥᠭᠡ ᠯᠤᠤ ᠴᠠᠭ ᠲᠤ᠌ ᠨᠠᠮ᠎ᠠ ᠶ᠋ᠢ ᠦᠵᠡᠭᠳᠡᠭᠡᠳ (ᠬᠥᠩᠭᠡᠵᠢᠵᠡᠢ) ᠪᠠᠢᠵᠠᠢ᠃  
       ᠡᠨᠡ ᠬᠦ᠌ ᠭᠡᠭᠡᠨ ᠦᠷᠭᠦᠯᠵᠢ 《ᠭᠡᠭᠡᠨ ᠰᠦᠮ᠎ᠡ》 ᠳ᠋ᠦ᠍ ᠣᠴᠢᠨ᠎ᠠ᠂《ᠭᠡᠭᠡᠨ ᠰᠦᠮ᠎ᠡ》ᠪᠣᠯᠤᠨ 《ᠲᠣᠰᠬᠣᠨ ᠰᠦᠮ᠎ᠡ》 ᠶ᠋ᠢᠨ ᠬᠣᠭᠣᠷᠣᠨᠳᠣ ᠪᠠᠨ ᠳᠣᠯᠣᠭᠠᠨ ᠭᠠᠵᠠᠷ ᠵᠠᠢᠲᠠᠢ᠂ ᠮᠠᠨ ᠤ᠋ ᠠᠢᠯ ᠢ᠋ ᠥᠩᠭᠡᠷᠡᠵᠦ ᠭᠠᠷᠤᠨ᠎ᠠ᠂ ᠭᠡᠭᠡᠨ ᠰᠦᠮ᠎ᠡ ᠳ᠋ᠦ᠍ ᠬᠦᠷᠦᠭᠡᠳ ᠲᠣᠰᠬᠣᠨ ᠰᠦᠮ᠎ᠡ ᠳ᠋ᠦ᠍ ᠪᠡᠨ ᠡᠷᠭᠢᠵᠦ ᠬᠠᠷᠢᠬᠤ ᠶ᠋ᠢᠨ ᠦᠶᠡᠰ ᠮᠠᠨ ᠤ᠋ ᠳ᠋ᠤ᠌ ᠣᠷᠣᠵᠤ ᠢᠷᠡᠨ᠎ᠡ ᠭᠡᠵᠡᠢ᠃ ᠮᠢᠨᠦ ᠠᠪᠤ ᠰᠠᠨᠳᠤᠷᠤᠭᠠᠳ ᠬᠣᠷᠢᠭᠠᠵᠠᠢ᠂ ᠡᠭᠦᠳᠡᠨ ᠳᠡᠭᠡᠷ᠎ᠡ ᠪᠠᠰᠠ ᠲᠡᠮᠳᠡᠭ ᠲᠠᠯᠪᠢᠵᠤ᠂ ᠡᠭᠦᠳᠡ ᠣᠷᠣᠪᠠᠯ ᠲᠦᠯᠬᠢᠭᠦᠷ ᠪᠠᠢᠨ᠎ᠠ《ᠮᠠᠮᠠ ᠠ᠋᠂ ᠣᠳᠣ ᠣᠷᠣᠵᠤ ᠪᠣᠯᠬᠤ ᠦᠭᠡᠢ ᠰᠢᠦ!》 《ᠶᠠᠭᠠᠬᠢᠭᠰᠠᠨ ᠪᠣᠢ!》《ᠮᠠᠨ ᠤ᠋ ᠭᠡᠷᠭᠡᠢ ᠣᠳᠣ ᠦᠵᠡᠭᠳᠡᠭᠡᠳ (ᠬᠥᠩᠭᠡᠵᠢᠭᠡᠳ) ᠰᠠᠶᠢ ᠭᠤᠷᠪᠠᠳᠤᠭᠠᠷ ᠡᠳᠦᠷ ᠪᠣᠯᠵᠤ ᠪᠠᠢᠨ᠎ᠠ》 《ᠪᠢ ᠮᠡᠳᠡᠬᠦ ᠦᠭᠡᠢ ᠶᠦᠮ ᠤᠤ!》《ᠨᠠᠳᠠ ᠠ᠋ᠴᠠ ᠦᠷ᠎ᠡ ᠶ᠋ᠢᠨ ᠬᠤᠲᠤᠭ ᠭᠤᠶᠤᠭᠰᠠᠨ ᠬᠦᠦ ᠦᠵᠡᠭᠳᠡᠵᠦ  (ᠬᠥᠩᠭᠡᠵᠢᠵᠦ) ᠪᠠ᠂ ᠪᠢ ᠣᠷᠣᠭᠠᠳ ᠦᠵᠡᠭᠡᠳ ᠭᠠᠷᠤᠶ᠎ᠠ!》 ᠭᠡᠭᠡᠨ ᠣᠷᠣᠨ᠎ᠠ ᠭᠡᠵᠦ ᠪᠠᠢᠬᠤ ᠳ᠋ᠤ᠌ ᠬᠣᠷᠢᠭᠠᠵᠤ ᠳᠡᠢᠯᠦᠨ᠎ᠡ ᠤᠤ? ᠡᠨᠡ ᠮᠠᠮᠠ ᠣᠳᠣ ᠬᠡᠯᠡᠵᠦ ᠪᠠᠢᠨ᠎ᠠ᠂《ᠲᠠᠨ ᠤ᠋ ᠡᠨᠡ ᠴᠢᠨᠢ ᠮᠢᠨᠦ ᠦᠷ᠎ᠡ ᠶ᠋ᠢᠨ ᠬᠤᠲᠤᠭ ᠭᠤᠶᠤᠭᠠᠳ ᠣᠯᠤᠭᠰᠠᠨ ᠬᠦᠦ᠂ ᠲᠡᠪᠡᠷᠢᠭᠡᠳ ᠠᠪᠤᠭᠠᠳ ᠢᠷ᠎ᠡ᠂ ᠪᠢ ᠦᠵᠡᠶ᠎ᠡ᠂ ᠰᠢᠨᠵᠢᠵᠦ ᠦᠵᠡᠶ᠎ᠡ 》 ᠭᠡᠵᠡᠢ᠂ ᠠᠪᠠᠴᠢᠵᠤ ᠥᠭᠬᠦ ᠦᠭᠡᠢ ᠪᠣᠯᠤᠨ᠎ᠠ ᠤᠤ ᠳᠠ᠂ ᠲᠡᠪᠡᠷᠢᠵᠦ ᠠᠪᠠᠴᠢᠵᠤ ᠮᠥᠷᠭᠥᠭᠦᠯᠵᠡᠢ᠃ 《ᠬᠦᠦ ᠪᠣᠯ ᠠᠬᠤ ᠯᠠᠭᠰᠢᠨ ᠪᠡᠯᠭᠡ ᠲᠡᠢ᠂ ᠨᠡᠷ᠎ᠡ ᠶ᠋ᠢ ᠨᠢ ᠰᠧᠷᠡᠩᠨᠠᠮᠵᠢᠯ ᠭᠡᠵᠦ ᠥᠭ᠂ ᠵᠢᠷᠭᠤᠭᠠᠨ ᠨᠠᠰᠤᠯᠠᠪᠠᠯ᠂ ᠮᠢᠨᠦ ᠰᠦᠮ᠎ᠡ ᠳ᠋ᠦ᠍ ᠠᠪᠠᠴᠢᠵᠤ ᠥᠭᠭᠦᠭᠡᠳ ᠮᠢᠨᠦ ᠱᠠᠪᠢ ᠪᠣᠯᠭ᠎ᠠ᠂ ᠪᠢ ᠪᠣᠯ ᠳᠥᠴᠢ ᠶᠢᠰᠦᠲᠡᠢ  ᠪᠡᠶ᠎ᠡ ᠦᠭᠡᠢ ᠪᠣᠯᠤᠨ᠎ᠠ᠂ ᠮᠢᠨᠦ ᠡᠷᠳᠡᠮ ᠢ᠋ ᠵᠠᠯᠭᠠᠮᠵᠢᠯᠠᠬᠤ ᠪᠣᠯᠤᠨ᠎ᠠ》 ᠢᠩᠭᠢᠵᠦ ᠬᠡᠯᠡᠵᠦ ᠭᠡᠨ᠎ᠡ᠂ ᠭᠡᠭᠡᠨ ᠨᠢᠭᠡ ᠴᠠᠭ ᠪᠤᠳᠠᠭ᠎ᠠ ᠢᠳᠡᠭᠡᠳ ᠶᠠᠪᠤᠭᠠᠳ ᠥᠭᠪᠡ᠃  ᠭᠡᠲᠡᠯ᠎ᠡ ᠣᠳᠣ ᠲᠡᠷᠡ ᠦᠶ᠎ᠡ ᠳ᠋ᠦ᠍ ᠮᠠᠨ ᠤ᠋ ᠭᠡᠷ ᠦ᠋ᠨ ᠡᠪᠦᠭᠡ ᠪᠠᠢᠨ᠎ᠠ᠂ ᠮᠠᠨ ᠤ᠋ ᠡᠪᠦᠭᠡ ᠰᠣᠨᠣᠰᠤᠭᠠᠳ ᠬᠡᠯᠡᠵᠦ ᠪᠠᠢᠨ᠎ᠠ᠄《ᠶᠠᠮᠠᠷ ᠪᠠᠰᠠ ᠯᠠᠮᠠ ᠭᠡᠭᠡᠨ ᠪᠣᠯᠬᠤ ᠲᠠᠢ ᠪᠣᠢ᠂ ᠳᠡᠭᠡᠷ᠎ᠡ ᠨᠢ ᠬᠣᠶᠠᠷ ᠦᠭᠡᠢ ᠪᠣᠯᠵᠠᠢ᠂ ᠬᠣᠶᠠᠷ ᠬᠡᠦᠬᠡᠳ ᠭᠡᠭᠡᠭᠳᠡᠭᠰᠡᠨ᠂ ᠲᠡᠷᠡ ᠨᠡᠷ᠎ᠡ ᠶ᠋ᠢ ᠨᠢ ᠪᠠᠰᠠ ᠠᠪᠤᠯᠭᠠᠨ ᠦᠭᠡᠢ ᠰᠧᠷᠡᠩᠨᠠᠮᠵᠢᠯ ᠢ᠋ ᠨᠢ ᠠᠪᠤᠯᠭᠠᠨ ᠦᠭᠡᠢ᠂ ᠡᠨᠡ ᠬᠦᠦ ᠶ᠋ᠢᠨ ᠭᠡᠳᠡᠰᠦ ᠡᠪᠡᠳᠬᠦ ᠨᠢ ᠠᠬᠤ ᠨᠠᠮᠳᠠᠵᠠᠢ᠂ ᠨᠠᠩᠭ᠎ᠠ ᠭᠡᠵᠦ ᠨᠡᠷ᠎ᠡ ᠥᠭ 》 ᠮᠢᠨᠦ ᠪᠠᠭ᠎ᠠ ᠶ᠋ᠢᠨ ᠨᠡᠷ᠎ᠡ ᠪᠣᠯ ᠨᠠᠩᠭ᠎ᠠ᠂ ᠢᠩᠭᠢᠭᠡᠳ ᠪᠢ ᠯᠠᠮᠠ ᠪᠣᠯᠤᠭᠰᠠᠨ ᠦᠭᠡᠢ᠃ ᠨᠥᠭᠦᠭᠡ ᠨᠢᠭᠡ ᠨᠢ ᠮᠢᠨᠦ ᠳᠣᠣᠷ᠎ᠠ ᠮᠣᠷᠢᠨ ᠵᠢᠯ᠂ ᠮᠣᠷᠢᠨ ᠰᠠᠷ᠎ᠠ᠂ ᠮᠣᠷᠢᠨ ᠡᠳᠦᠷ᠂ ᠮᠣᠷᠢᠨ ᠴᠠᠭ ᠲᠤ᠌ ᠲᠥᠷᠥᠭᠰᠡᠨ ᠨᠢᠭᠡ ᠳᠡᠭᠦᠦ ᠪᠠᠢᠭᠰᠠᠨ᠂ ᠥᠨᠥ ᠪᠠᠢᠪᠠᠯ ᠲᠠᠪᠢᠨ ᠳᠣᠯᠣᠭ᠎ᠠ ᠲᠠᠢ᠂ ᠨᠡᠷ᠎ᠡ ᠨᠢ ᠪᠣᠯ᠂ ᠪᠠᠢ ᠶ᠋ᠢᠨ ᠱᠠᠨ ᠭᠡᠵᠦ ᠬᠡᠯᠡᠨ᠎ᠡ᠂ ᠡᠨᠡ ᠳᠡᠭᠦᠦ ᠪᠣᠯ ᠭᠡᠭᠡᠨ ᠴᠢᠭᠴᠢ᠂ ᠬᠤᠷᠴᠠ ᠰᠡᠷᠭᠦᠯᠡᠩ ᠲᠥᠷᠥᠭᠰᠡᠨ ᠬᠥᠮᠦᠨ᠂ ᠠᠪ ᠠᠳᠠᠯᠢ ᠪᠢᠳᠡ ᠨᠢᠭᠡ ᠡᠶᠢ ᠶ᠋ᠢᠨ ᠬᠡᠦᠬᠡᠳ ᠪᠠᠢᠭᠠᠳ ᠥᠩᠭᠡ ᠵᠢᠰᠦ ᠲᠡᠭᠦᠨ ᠦ᠌ ᠵᠠᠬ᠎ᠠ ᠳ᠋ᠤ᠌ ᠠᠪᠤᠷᠢ ᠦᠭᠡᠢ᠂ ᠲᠡᠷᠡ ᠪᠣᠯ ᠨᠠᠷᠠᠨ ᠰᠠᠷᠠᠨ ᠮᠡᠲᠦ ᠲᠤᠩᠭᠠᠯᠠᠭ᠂ ᠪᠢᠳᠡ ᠴᠢᠨᠢ ᠨᠠᠪᠴᠢ ᠴᠡᠴᠡᠭ ᠢ᠋ ᠪᠠᠰᠠ ᠬᠦᠷᠬᠦ ᠦᠭᠡᠢ᠂ ᠨᠢᠭᠡ ᠮᠢᠩᠭ᠎ᠠ ᠶᠢᠰᠦᠨ ᠵᠠᠭᠤ᠂ ᠲᠠᠪᠢᠨ ᠨᠠᠢ᠍ᠮᠠᠨ ᠣᠨ ᠳ᠋ᠤ᠌ ᠮᠠᠨ ᠤ᠋ ᠮᠣᠩᠭᠣᠯᠵᠢᠨ ᠭᠡᠭᠡᠨ ᠰᠦᠮ᠎ᠡ ᠳ᠋ᠦ᠍ ᠬᠤᠰᠢᠭᠤᠨ ᠳᠡᠰ ᠦ᠋ᠨ ᠨᠠᠭᠠᠳᠤᠮ ᠤ᠋ᠨ ᠬᠤᠷᠠᠯ ᠨᠡᠭᠡᠭᠡᠵᠡᠢ᠃ ᠨᠠᠭᠠᠳᠤᠮ ᠤ᠋ᠨ ᠬᠤᠷᠠᠯ ᠳᠡᠭᠡᠷ᠎ᠡ ᠮᠢᠨᠦ ᠠᠪᠤ ᠪᠣᠯ ᠨᠢᠶᠠᠩ ᠭᠤᠯᠢᠷ ᠢ᠋ᠶ᠋ᠠᠷ 《ᠶᠢᠤ ᠵᠠ ᠭᠣᠣ》ᠭᠡᠰᠡᠨ ᠶᠠᠭᠤᠮ᠎ᠠ ᠶ᠋ᠢ ᠬᠢᠭᠡᠳ ᠰᠢᠰᠢ ᠶ᠋ᠢᠨ ᠱᠤᠭᠠᠢ ᠶ᠋ᠢ ᠲᠠᠪᠤ ᠠᠷᠪᠠ ᠪᠠᠷ ᠳᠡᠭᠲᠡᠷᠯᠡᠴᠢᠬᠡᠭᠡᠳ ᠲᠡᠭᠦᠨ ᠳᠡᠭᠡᠷ᠎ᠡ ᠪᠡᠨ ᠲᠠᠯᠪᠢᠵᠤ ᠬᠤᠳᠠᠯᠳᠤᠵᠠᠢ᠃ ᠭᠤᠷᠪᠠᠨ ᠡᠳᠦᠷ ᠦ᠋ᠨ ᠨᠠᠭᠠᠳᠤᠮ ᠤ᠋ᠨ ᠬᠤᠷᠠᠯ ᠪᠠᠷᠠᠭᠰᠠᠨ ᠤ᠋ ᠳᠠᠷᠠᠭ᠎ᠠ᠂ᠬᠤᠳᠠᠯᠳᠤᠵᠤ ᠪᠠᠷᠠᠭᠰᠠᠨ ᠦᠭᠡᠢ ᠦᠯᠡᠳᠡᠴᠢᠬᠡᠵᠡᠢ᠃  ᠬᠤᠳᠠᠯᠳᠤᠵᠤ ᠪᠠᠷᠠᠭᠰᠠᠨ ᠦᠭᠡᠢ ᠶ᠋ᠢ ᠨᠢ ᠪᠢᠳᠡᠨ ᠢᠳᠡᠭᠡᠳ ᠨᠢᠭᠡ ᠴᠦ᠍ ᠬᠠᠮᠢᠶ᠎ᠠ ᠦᠭᠡᠢ᠂ ᠮᠢᠨᠦ ᠲᠡᠷᠡ ᠳᠡᠭᠦᠦ ᠢᠳᠡᠭᠡᠳ ᠰᠠᠭᠤᠯᠭᠠᠬᠤ ᠡᠪᠡᠳᠴᠢᠨ ᠣᠯᠵᠠᠢ᠂ ᠣᠳᠣ ᠰᠠᠭᠤᠯᠭᠠᠭᠠᠳ ᠵᠣᠭᠰᠣᠬᠤ ᠦᠭᠡᠢ ᠯᠠᠢ᠂ ᠡᠮᠴᠢ ᠪᠦᠭᠦᠳᠡ ᠶ᠋ᠢ ᠪᠦᠷ ᠵᠠᠯᠠᠵᠠᠢ᠃  ᠨᠡᠷᠡᠲᠦ ᠡᠮᠴᠢ᠂ ᠯᠠᠮᠠ᠂ ᠳᠣᠮᠴᠢ᠂ ᠪᠥᠬᠡ᠂ ᠯᠠᠢᠴᠢᠩ᠂ ᠦᠵᠡᠭᠡᠴᠢ ᠵᠠᠰᠠᠯ ᠪᠦᠭᠦᠳᠡ ᠶ᠋ᠢ ᠬᠢᠵᠡᠢ᠃ ᠮᠠᠨ ᠤ᠋ ᠡᠨᠡ ᠳᠡᠭᠦᠦ ᠪᠣᠯ ᠬᠤᠷᠴᠠ ᠰᠡᠷᠭᠦᠯᠡᠩ ᠲᠡᠢᠮᠦ ᠯᠡ ᠰᠠᠢᠬᠠᠨ ᠳᠡᠭᠦᠦ᠃ 
       ᠰᠤᠷᠪᠤᠯᠵᠢᠯᠠᠭᠴᠢ᠄ ᠬᠡᠳᠦᠨ ᠨᠠᠰᠤᠲᠠᠢ ᠪᠣᠢ?   
       ᠭᠤᠷᠪᠠᠬᠠᠨ ᠨᠠᠰᠤᠲᠠᠢ᠂ ᠵᠢᠷᠭᠤᠭᠠᠨ ᠰᠠᠷ᠎ᠠ ᠰᠠᠭᠤᠯᠭᠠᠵᠤ ᠪᠠᠢᠭᠠᠳ ᠬᠠᠮᠤᠭ ᠰᠡᠭᠦᠯ ᠳ᠋ᠦ᠍ ᠨᠢ ᠦᠬᠦᠭᠡᠳ ᠦᠭᠴᠢᠬᠡᠵᠡᠢ᠂ ᠢᠩᠭᠢᠭᠡᠳ ᠣᠳᠣ ᠮᠠᠨ ᠤ᠋ ᠭᠡᠷ ᠲᠦ᠍ ᠲᠩᠷᠢ ᠨᠤᠷᠠᠭᠰᠠᠨ ᠰᠢᠭ᠋ ᠪᠣᠯᠪᠠ᠃ ᠢᠯᠠᠩᠭᠤᠶ᠎ᠠ ᠮᠢᠨᠦ ᠮᠥᠮᠥ ᠡᠳᠦᠷ ᠡᠳᠦᠷ ᠲᠡᠷᠡ ᠳᠡᠭᠦᠦ ᠶ᠋ᠢ ᠬᠥᠳᠡᠭᠡᠯᠡᠭᠦᠯᠦᠭᠰᠡᠨ ᠭᠠᠵᠠᠷ ᠣᠴᠢᠵᠤ ᠤᠬᠢᠯᠠᠨ᠎ᠠ᠂ ᠭᠡᠭᠡᠭᠰᠡᠨ ᠡᠪᠡᠰᠦ ᠶ᠋ᠢ ᠲᠡᠭᠦᠨ᠎ᠡ᠂ ᠬᠡᠢ ᠡᠪᠡᠳᠴᠢᠨ ᠲᠡᠢ ᠪᠣᠯᠴᠢᠬᠠᠵᠠᠢ᠂ ᠵᠣᠪᠠᠭᠰᠠᠭᠠᠷ ᠵᠣᠪᠠᠭᠰᠠᠭᠠᠷ ᠵᠢᠷᠦᠬᠡᠨ ᠡᠪᠡᠳᠴᠢᠨ ᠣᠯᠵᠠᠢ᠂ ᠪᠢᠳᠡ ᠪᠦᠭᠦᠳᠡᠭᠡᠷ ᠢ᠋ᠶ᠋ᠡᠨ ᠪᠠᠰᠠ ᠵᠣᠪᠠᠨ᠎ᠠ᠂ ᠭᠡᠪᠡᠴᠦ ᠡᠶᠢ ᠶ᠋ᠢᠨ ᠬᠢᠷᠢ ᠵᠣᠪᠠᠨ᠎ᠠ ᠤᠤ ᠳᠠ! ᠮᠢᠨᠦ ᠳᠡᠭᠦᠦ ᠡᠪᠡᠳᠴᠢᠨ ᠢ᠋ᠶ᠋ᠡᠷ ᠲᠡᠭᠡᠵᠦ ᠦᠭᠡᠢ ᠪᠣᠯᠵᠠᠢ᠂ ᠬᠡᠷᠪᠡ ᠪᠢᠳᠡ ᠡᠮᠴᠢ ᠪᠣᠯᠤᠭᠰᠠᠨ ᠪᠣᠯ ᠠ᠋! ᠮᠢᠨᠦ ᠮᠥᠮᠥ ᠪᠠᠰᠠ ᠬᠠᠮᠤᠭ ᠰᠡᠭᠦᠯ ᠳ᠋ᠦ᠍ᠨᠢ ᠵᠢᠷᠦᠬᠡᠨ ᠡᠪᠡᠳᠴᠢᠨ ᠨᠢ ᠠᠬᠠᠳᠠᠭᠠᠳ ᠬᠠᠪᠤᠩ ᠣᠷᠣᠵᠤ᠂ ᠵᠢᠷᠦᠬᠡᠨ ᠬᠠᠪᠤᠩ ᠡᠪᠡᠳᠴᠢᠨ ᠢ᠋ᠶ᠋ᠡᠷ ᠦᠭᠡᠢ ᠪᠣᠯᠵᠠᠢ᠂ ᠲᠡᠷᠡ ᠳᠡᠭᠦᠦ ᠶ᠋ᠢᠨ ᠲᠥᠯᠥᠭᠡ᠂ ᠡᠢᠮᠦ ᠡᠴᠡ ᠡᠮᠴᠢ ᠰᠤᠷᠤᠭᠠᠳ ᠬᠥᠮᠦᠨ ᠦ᠌ ᠡᠪᠡᠳᠴᠢᠨ ᠵᠣᠪᠠᠯᠠᠩ ᠢ᠋ ᠠᠷᠢᠯᠭᠠᠬᠤ ᠪᠣᠯ ᠬᠠᠮᠤᠭ ᠤ᠋ᠨ ᠳᠡᠭᠡᠳᠦ ᠠᠵᠢᠯ᠂ ᠵᠢᠷᠦᠬᠡᠨ ᠡᠴᠡ ᠪᠡᠨ ᠬᠠᠮᠤᠭ ᠳᠤᠷᠠᠲᠠᠢ᠂ ᠡᠢᠮᠦ ᠨᠢᠭᠡ ᠠᠷᠢᠭᠤᠨ ᠬᠡᠳᠦᠨ ᠦᠶ᠎ᠡ ᠶ᠋ᠢᠨ ᠠᠵᠢᠯ ᠭᠡᠵᠦ ᠦᠵᠡᠵᠦ ᠪᠠᠢᠨ᠎ᠠ᠃ ᠡᠮᠴᠢ ᠪᠣᠯᠬᠤ ᠳᠣᠲᠣᠷ᠎ᠠ ᠠ᠋ᠴᠠ ᠪᠠᠨ ᠥᠪᠡᠷ ᠢ᠋ᠶ᠋ᠡᠨ ᠳᠤᠷᠠᠲᠠᠢ᠃ 
       ᠲᠥᠷᠥᠭᠰᠡᠨ ᠨᠤᠲᠤᠭ ᠤ᠋ᠨ ᠭᠠᠵᠠᠷ ᠤᠰᠤ ᠨᠠᠳᠠ ᠶ᠋ᠢ᠂ ᠮᠢᠨᠦ ᠪᠡᠶ᠎ᠡ ᠴᠣᠭᠴᠠ ᠶ᠋ᠢ ᠬᠥᠮᠦᠵᠢᠭᠦᠯᠵᠦ᠂ ᠡᠷᠳᠡᠮ ᠰᠢᠨᠵᠢᠯᠡᠭᠡ ᠬᠢᠯᠭᠡᠭᠰᠡᠨ ᠪᠢᠯᠡ᠂ ᠮᠢᠨᠦ ᠬᠣᠶᠠᠳᠤᠭᠠᠷ ᠨᠤᠲᠤᠭ ᠬᠣᠷᠴᠢᠨ ᠪᠣᠯ᠂ ᠪᠢ ᠥᠪᠡᠷ ᠦ᠋ᠨ ᠬᠣᠪᠢᠨ ᠤ᠋ ᠰᠤᠷᠤᠭᠰᠠᠨ  ᠡᠵᠡᠮᠰᠢᠭᠰᠡᠨ ᠡᠷᠳᠡᠮ ᠴᠢᠳᠠᠯ ᠢ᠋ᠶ᠋ᠠᠨ ᠲᠦᠭᠡᠭᠡᠵᠦ᠂ ᠣᠯᠠᠨ ᠠᠷᠠᠳ ᠤ᠋ᠳ ᠲᠤ᠌ ᠪᠠᠨ ᠰᠠᠢᠨ ᠰᠠᠢᠬᠠᠨ ᠬᠢᠭᠰᠡᠨ ᠭᠠᠵᠠᠷ ᠮᠥᠨ᠃ ᠡᠨᠡ ᠣᠷᠣᠨ ᠳ᠋ᠤ᠌ ᠪᠢ ᠳᠥᠴᠢᠨ ᠵᠢᠯ ᠡᠪᠡᠳᠴᠢᠨ ᠦᠵᠡᠵᠦ᠂ ᠰᠤᠷᠭᠠᠨ ᠬᠥᠮᠦᠵᠢᠯ᠂ ᠰᠤᠳᠤᠯᠬᠤ ᠠᠵᠢᠯ ᠬᠢᠵᠦ᠂ ᠮᠣᠩᠭᠣᠯ ᠡᠮ ᠡᠮᠨᠡᠯᠭᠡ ᠶ᠋ᠢ ᠬᠥᠭᠵᠢᠨ ᠪᠠᠳᠠᠷᠠᠭᠤᠯᠵᠤ᠂ ᠠᠷᠠᠳ ᠲᠦᠮᠡᠨ ᠢ᠋ ᠡᠷᠡᠭᠦᠯ ᠰᠠᠷᠠᠭᠤᠯ ᠠᠮᠢᠳᠤᠷᠠᠭᠤᠯᠬᠤ ᠭᠡᠵᠦ ᠮᠣᠩᠭᠣᠯ ᠡᠮᠨᠡᠯᠭᠡ ᠶ᠋ᠢᠨ ᠡᠮ ᠢ᠋ ᠡᠭᠦᠳᠦᠨ ᠪᠦᠲᠦᠭᠡᠵᠦ᠂ ᠵᠠᠰᠠᠵᠤ ᠳᠡᠢᠯᠬᠦ ᠦᠭᠡᠢ᠂ ᠵᠠᠰᠠᠬᠤ ᠳ᠋ᠤ᠌ ᠪᠡᠷᠬᠡᠲᠡᠢ ᠡᠪᠡᠳᠴᠢᠨ ᠢ᠋ ᠵᠠᠰᠠᠬᠤ ᠵᠣᠷ ᠢ᠋ ᠡᠭᠦᠳᠦᠨ ᠪᠦᠲᠦᠭᠡᠭᠰᠡᠨ᠂ ᠡᠢᠮᠦᠷᠬᠦ ᠰᠠᠢᠨ ᠲᠠᠢ ᠨᠠᠳᠠ ᠶ᠋ᠢ ᠪᠣᠢᠵᠢᠭᠤᠯᠤᠭᠰᠠᠨ᠂ ᠨᠠᠳᠠ ᠶ᠋ᠢ ᠮᠡᠷᠭᠡᠵᠢᠭᠦᠯᠦᠭᠰᠡᠨ᠂ ᠨᠠᠳᠠ ᠶ᠋ᠢ ᠨᠡᠷ᠎ᠡ ᠭᠠᠷᠭᠠᠭᠰᠠᠨ ᠡᠨᠡ ᠨᠤᠲᠤᠭ ᠢ᠋ᠶ᠋ᠠᠨ ᠪᠣᠯ ᠪᠢ ᠥᠪᠡᠷ ᠦ᠋ᠨ ᠬᠣᠶᠠᠳᠤᠭᠠᠷ ᠲᠥᠷᠥᠭᠰᠡᠨ ᠨᠤᠲᠤᠭ ᠭᠡᠵᠦ ᠪᠣᠳᠣᠳᠠᠭ᠂ ᠤᠯᠠᠭᠠᠨ ᠵᠢᠷᠦᠬᠡᠨ ᠦ᠌ ᠤᠭ ᠠ᠋ᠴᠠ ᠪᠠᠨ ᠬᠠᠢᠷᠠᠯᠠᠵᠤ ᠰᠠᠨᠠᠳᠠᠭ᠂ ᠡᠨᠡ ᠨᠤᠲᠤᠭ ᠳᠡᠭᠡᠷ᠎ᠡ ᠦᠶ᠎ᠡ ᠤᠯᠠᠮᠵᠢᠯᠠᠨ ᠠᠮᠢᠳᠤᠷᠠᠨ ᠣᠷᠣᠰᠢᠬᠤ ᠪᠣᠯᠤᠭᠰᠠᠨ᠃ 
       ᠰᠤᠷᠪᠤᠯᠵᠢᠯᠠᠭᠴᠢ᠄ ᠲᠠ ᠡᠨᠡ ᠬᠥᠮᠦᠨ ᠢ᠋ ᠲᠣᠭᠣᠵᠤ ᠬᠠᠢᠷᠠᠯᠠᠳᠠᠭ ᠲᠠᠯ᠎ᠠ ᠪᠠᠷ ᠶᠠᠷᠢᠨ᠎ᠠ ᠤᠤ? 
       ᠯᠢ ᠬᠣᠩ᠄ ᠪᠢᠳᠡ ᠬᠣᠶᠠᠭᠤᠯᠠ ᠪᠠᠨ ᠴᠣᠭ ᠪᠠᠢᠭᠠᠳ ᠪᠠᠢᠪᠠᠯ ᠡᠨᠡ ᠨᠠᠮ᠎ᠠ ᠶ᠋ᠢ ᠬᠠᠪᠰᠤᠷᠤᠨ᠎ᠠ᠂ ᠪᠢ ᠪᠠᠰᠠ ᠲᠡᠭᠦᠨ ᠢ᠋ ᠬᠠᠪᠰᠤᠷᠤᠨ᠎ᠠ᠃ ᠡᠨᠡ ᠠᠵᠢᠯ ᠳᠡᠭᠡᠷ᠎ᠡ ᠪᠡᠨ ᠨᠠᠳᠠ ᠠ᠋ᠴᠠ ᠢᠯᠡᠭᠦᠦ ᠰᠠᠢᠨ᠂ ᠠᠵᠢᠯ ᠳ᠋ᠤ᠌ ᠪᠠᠨ ᠰᠠᠢᠨ ᠮᠥᠷᠲᠡᠭᠡᠨ ᠴᠢᠨᠠᠷ ᠲᠠᠢ ᠶᠠᠭᠤ ᠬᠢᠭᠰᠡᠨ ᠴᠦ᠍ ᠰᠡᠳᠬᠢᠯ ᠦ᠋ᠨ ᠤᠭ ᠠ᠋ᠴᠠ ᠪᠠᠨ᠂ ᠨᠢᠭᠡ ᠶᠠᠭᠤᠮ᠎ᠠ ᠶ᠋ᠢ ᠪᠦᠲᠦᠭᠡᠶ᠎ᠡ ᠭᠡᠵᠦ ᠴᠢᠷᠮᠠᠢᠨ᠎ᠠ᠂ ᠲᠡᠷᠡ ᠡᠨᠳᠡ ᠢᠷᠡᠭᠡᠳ ᠤᠳᠠᠭᠰᠠᠨ ᠦᠭᠡᠢ᠂ ᠨᠢᠭᠡ ᠬᠣᠶᠠᠷ  ᠵᠢᠯ  ᠪᠣᠯᠤᠭᠰᠠᠨ ᠦᠭᠡᠢ ᠪᠡᠷ᠂ ᠮᠣᠩᠭᠣᠯᠵᠢᠨ ᠰᠢᠶᠣᠤ ᠪᠠᠢ ᠭᠡᠳ ᠨᠡᠷ᠎ᠡ ᠭᠠᠷᠴᠠᠢ᠂ ᠭᠠᠵᠠᠷ ᠭᠠᠵᠠᠷ ᠡᠪᠡᠳᠴᠢᠨ ᠦᠵᠡᠭᠦᠯᠬᠦ ᠪᠡᠷ ᠵᠠᠯᠠᠵᠤ ᠠᠪᠠᠴᠢᠨ᠎ᠠ᠂ ᠦᠳᠡᠰᠢ ᠪᠣᠯ ᠦᠳᠡᠰᠢ᠂ ᠥᠷᠯᠥᠭᠡ ᠡᠷᠲᠡ ᠪᠣᠯ ᠡᠷᠲᠡ᠂ ᠵᠠᠷᠢᠮ ᠳ᠋ᠤ᠌ ᠪᠠᠨ ᠲᠡᠷᠭᠡ ᠪᠡᠷ ᠠᠪᠠᠴᠢᠨ᠎ᠠ᠂ ᠵᠠᠷᠢᠮ ᠳ᠋ᠤ᠌ ᠪᠠᠨ ᠥᠪᠡᠷᠲᠡᠭᠡᠨ ᠮᠣᠷᠢ ᠤᠨᠤᠭᠠᠳ ᠶᠠᠪᠤᠴᠢᠬᠠᠨ᠎ᠠ᠂ ᠴᠠᠰᠤ  ᠪᠣᠷᠣᠭᠠᠨ  ᠭᠡᠵᠦ ᠬᠠᠮᠢᠶᠠᠷᠬᠤ  ᠦᠭᠡᠢ᠂ ᠬᠠᠮᠢᠭ᠎ᠠ ᠣᠴᠢᠪᠠᠯ ᠬᠠᠮᠢᠭ᠎ᠠ᠂ ᠡᠷᠡᠭᠡ ᠵᠢᠷᠣᠭ᠎ᠠ ᠦᠭᠡᠢ ᠡᠪᠡᠳᠴᠢᠨ ᠢ᠋ ᠨᠢ ᠦᠵᠡᠵᠦ ᠪᠠᠢᠨ᠎ᠠ᠂ ᠪᠤᠳᠠᠭ᠎ᠠ ᠶ᠋ᠢ ᠨᠢ ᠢᠳᠡᠵᠦ ᠪᠠᠢᠨ᠎ᠠ᠃ ᠪᠢ ᠪᠣᠯ ᠭᠡᠷ ᠵᠠᠭᠤᠷ᠎ᠠ ᠶ᠋ᠢᠨ ᠠᠵᠢᠯ ᠪᠣᠯᠳ  ᠬᠡᠦᠬᠡᠳ ᠢ᠋ᠶ᠋ᠡᠨ ᠦᠵᠡᠵᠦ ᠠᠩᠬᠠᠷᠤᠨ᠎ᠠ᠃ ᠠᠵᠢᠯ ᠳᠡᠭᠡᠷ᠎ᠡ ᠪᠢ ᠲᠡᠭᠦᠨ ᠢ᠋ ᠬᠦᠷᠬᠦ ᠦᠭᠡᠢ᠂ ᠪᠢᠳᠡ ᠬᠣᠶᠠᠭᠤᠯᠠ ᠪᠡᠶ᠎ᠡ ᠪᠡᠶ᠎ᠡ ᠪᠡᠨ ᠬᠠᠷᠢᠯᠴᠠᠨ ᠬᠠᠪᠰᠤᠷᠴᠤ ᠯᠠ ᠪᠠᠢᠳᠠᠭ᠃  
       ᠨᠢᠭᠡ ᠡᠳᠦᠷ ᠠᠮᠢᠳᠤ ᠪᠠᠢᠪᠠᠰᠤ ᠨᠢᠭᠡ ᠡᠳᠦᠷ ᠡᠪᠡᠳᠴᠢᠲᠡᠨ ᠦ᠌ ᠲᠥᠯᠥᠭᠡ ᠴᠢᠷᠮᠠᠢᠨ᠎ᠠ᠂ ᠮᠢᠨᠦ ᠠᠮᠢ ᠨᠠᠰᠤ ᠪᠣᠯᠪᠠᠯ ᠡᠪᠡᠳᠴᠢᠲᠡᠨ ᠦ᠌ ᠲᠥᠯᠥᠭᠡ ᠠᠮᠢᠳᠤᠷᠠᠵᠤ  ᠪᠢ ᠬᠣᠪᠢᠨ ᠤ᠋ ᠲᠥᠯᠥᠭᠡ ᠪᠢᠰᠢ᠂ ᠡᠪᠡᠳᠴᠢᠨ ᠭᠡᠳᠡᠭ ᠢ᠋ ᠠᠮᠢᠳᠤ ᠪᠠᠢᠭ᠎ᠠ ᠬᠥᠮᠦᠨ ᠲᠠᠪᠤᠨ ᠲᠠᠷᠢᠶ᠎ᠠ ᠢᠳᠡᠳᠡᠭ ᠬᠥᠮᠦᠨ ᠪᠣᠯᠭᠠᠨ ᠣᠯᠬᠤ ᠪᠣᠯᠤᠯᠴᠠᠭ᠎ᠠ ᠪᠠᠢᠨ᠎ᠠ᠂ ᠭᠡᠪᠡᠴᠦ ᠣᠯᠤᠭᠰᠠᠨ ᠤ᠋ ᠳᠠᠷᠠᠭ᠎ᠠ ᠪᠣᠯ ᠶᠠᠭᠠᠬᠢᠵᠤ ᠵᠠᠰᠠᠨ᠎ᠠ᠂ ᠶᠠᠭᠠᠬᠢᠵᠤ ᠡᠮᠨᠡᠨ ᠵᠠᠰᠠᠨ᠎ᠠ᠂ ᠶᠠᠭᠠᠬᠢᠵᠤ ᠰᠤᠪᠢᠯᠠᠨ᠎ᠠ ᠭᠡᠪᠡᠯ᠄ ᠬᠠᠮᠤᠭ ᠤᠷᠢᠳᠠᠪᠡᠷ ᠪᠣᠯ ᠪᠣᠳᠣᠯ ᠰᠠᠨᠠᠯ ᠳᠡᠭᠡᠷ᠎ᠡ ᠪᠡᠨ ᠡᠪᠡᠳᠴᠢᠨ ᠡᠴᠡ ᠠᠶᠤᠵᠤ ᠪᠣᠯᠬᠤ ᠦᠭᠡᠢ᠂ ᠡᠪᠡᠳᠴᠢᠨ ᠢ᠋ ᠪᠣᠯ ᠵᠠᠪᠠᠯ ᠵᠠᠰᠠᠵᠤ ᠳᠡᠢᠯᠦᠨ᠎ᠡ᠂ ᠵᠠᠰᠠᠵᠤ ᠴᠢᠳᠠᠨ᠎ᠠ ᠭᠡᠵᠦ ᠪᠠᠲᠤ ᠢᠲᠡᠭᠡᠨ᠎ᠡ᠂ ᠡᠢᠮᠦ ᠢᠲᠡᠭᠡᠯᠲᠡᠢ ᠪᠣᠯ ᠰᠠᠶᠢ ᠡᠪᠡᠳᠴᠢᠨ ᠢ᠋ ᠵᠠᠰᠠᠵᠤ ᠳᠡᠢᠯᠦᠨ᠎ᠡ᠂ ᠰᠥᠰᠥ ᠵᠣᠷᠢᠭ ᠪᠠᠲᠤ ᠦᠭᠡᠢ ᠬᠥᠮᠦᠨ ᠪᠣᠯ 《ᠠᠢ》ᠭᠡᠵᠦ ᠰᠣᠨᠣᠰᠪᠠᠰᠤ ᠠᠶᠤᠯᠲᠠᠢ ᠡᠪᠡᠳᠴᠢᠨ ᠭᠡᠵᠦ ᠠᠮᠢᠨ ᠰᠦᠨᠡᠰᠦ ᠨᠢ ᠭᠠᠷᠴᠤ ᠠᠶᠤᠨ᠎ᠠ᠂ ᠤᠨᠲᠠᠵᠤ ᠳᠡᠢᠯᠬᠦ ᠦᠭᠡᠢ ᠵᠣᠪᠠᠨ᠎ᠠ᠂ ᠦᠬᠦᠬᠦ ᠡᠴᠡ ᠠᠶᠤᠨ᠎ᠠ᠂ ᠢᠩᠭᠢᠭᠰᠡᠭᠡᠷ ᠰᠡᠳᠬᠢᠯ ᠦ᠋ᠨ ᠰᠢᠮ᠎ᠡ ᠪᠠᠷᠠᠭᠳᠠᠴᠢᠬᠠᠨ᠎ᠠ᠂ ᠬᠥᠮᠦᠨ ᠦ᠌ ᠰᠡᠳᠬᠢᠯ ᠦ᠋ᠨ ᠰᠢᠮ᠎ᠡ ᠭᠡᠳᠡᠭ ᠴᠢᠨᠢ ᠰᠢᠮ᠎ᠡ ᠶ᠋ᠢᠨ ᠲᠡᠷᠢᠭᠦᠨ ᠳ᠋ᠦ᠍ ᠣᠷᠣᠨ᠎ᠠ᠂ ᠬᠥᠮᠦᠨ ᠳ᠋ᠦ᠍ ᠪᠣᠯ ᠰᠡᠳᠬᠢᠯ ᠦ᠋ᠨ ᠰᠢᠮ᠎ᠡ ᠪᠣᠯ ᠡᠷᠬᠢᠮ ᠲᠡᠷᠢᠭᠦᠨ᠂ ᠠᠭᠠᠷ ᠤ᠋ᠨ ᠰᠢᠮ᠎ᠡ ᠪᠣᠯ ᠬᠣᠶᠠᠳᠤᠭᠠᠷ᠂ ᠢᠳᠡᠭᠡᠨ ᠤᠮᠳᠠᠭᠠᠨ ᠤ᠋ ᠰᠢᠮ᠎ᠡ ᠪᠣᠯ ᠭᠤᠷᠪᠠᠳᠤᠭᠠᠷ ᠢ᠋ ᠡᠵᠡᠯᠡᠨ᠎ᠡ᠂ ᠴᠢ ᠬᠡᠷᠪᠡ ᠰᠡᠳᠬᠢᠯ ᠦ᠋ᠨ ᠰᠢᠮ᠎ᠡ ᠪᠡᠨ ᠠᠯᠳᠠᠴᠢᠬᠠᠪᠠᠯ ᠰᠦᠨᠡᠰᠦ ᠦᠭᠡᠢ ᠪᠣᠯᠴᠢᠬᠠᠵᠠᠢ ᠭᠡᠵᠦ ᠬᠡᠯᠡᠨ᠎ᠡ᠂ ᠴᠣᠭ ᠦᠭᠡᠢ ᠯᠠᠢ᠃ 
       ᠲᠡᠷᠡ《ᠬᠤᠸᠠᠩ ᡁᠢ ᠭᠤᠸᠠᠩ》 ᠨᠠᠢ᠍ᠮᠠᠨ ᠰᠤᠮᠤ ᠨᠡᠪᠲᠡᠷᠡᠴᠢᠬᠡᠭᠡᠳ ᠪᠠᠰᠠ ᠶᠠᠭᠠᠬᠢᠭᠠᠳ ᠠᠮᠢ ᠪᠠᠢᠬᠤ ᠪᠣᠢ  ᠣᠴᠢᠵᠤ ᠪᠠᠢᠯᠳᠤᠬᠤ ᠵᠣᠷᠢᠭ ᠪᠠᠢᠨ᠎ᠠ ᠳᠠ᠂ ᠲᠡᠷᠡ ᠴᠢᠨᠢ ᠰᠡᠳᠬᠢᠯ ᠦ᠋ᠨ ᠰᠢᠮ᠎ᠡ ᠨᠢ ᠦᠬᠦᠭᠡᠳᠦᠢ᠂ ᠪᠡᠶ᠎ᠡ ᠨᠢ ᠪᠣᠯᠬᠤ ᠦᠭᠡᠢ ᠯᠠᠢ᠂ ᠰᠡᠳᠬᠢᠯ ᠦ᠋ᠨ ᠰᠢᠮ᠎ᠡ ᠶ᠋ᠢᠨ ᠬᠦᠴᠦ ᠪᠡᠷ ᠲᠡᠰᠴᠦ ᠪᠣᠢ᠃ ᠪᠢ ᠪᠣᠯᠪᠠᠯ ᠠᠶᠤᠬᠤ ᠶᠠᠭᠤᠮ᠎ᠠ ᠦᠭᠡᠢ᠂ ᠪᠢ ᠪᠣᠯ ᠰᠡᠳᠬᠢᠯ ᠦ᠋ᠨ ᠰᠢᠮ᠎ᠡ ᠶ᠋ᠢ ᠡᠷᠬᠢᠮ ᠢ᠋ᠶ᠋ᠡᠷ ᠦᠵᠡᠵᠦ ᠪᠠᠢᠨ᠎ᠠ᠂ ᠨᠠᠭᠠᠳᠬᠤ ᠪᠠᠷ ᠢ᠋ᠶ᠋ᠠᠨ ᠨᠠᠭᠠᠳᠤᠨ᠎ᠠ᠂ ᠢᠳᠡᠬᠦ ᠪᠡᠷ ᠢ᠋ᠶ᠋ᠡᠨ ᠢᠳᠡᠨ᠎ᠡ᠂ ᠤᠤᠭᠤᠬᠤ ᠪᠠᠷ ᠢ᠋ᠶ᠋ᠠᠨ ᠤᠤᠭᠤᠨ᠎ᠠ᠃ ᠠᠮᠢᠳᠤᠷᠠᠪᠠᠰᠤ ᠪᠠᠶᠠᠷ ᠪᠠᠶᠠᠰᠬᠤᠯᠠᠩ ᠲᠠᠢ᠂ ᠦᠬᠦᠪᠡᠰᠦ ᠲᠦᠷᠭᠡᠨ ᠲᠣᠭᠰᠢᠨ᠂ ᠪᠢ ᠡᠨᠡ ᠵᠢᠮ᠎ᠡ ᠶᠣᠰᠣ ᠶ᠋ᠢ ᠪᠣᠯᠪᠠᠯ ᠪᠠᠷᠢᠮᠲᠠᠯᠠᠵᠤ ᠪᠠᠢᠨ᠎ᠠ᠃ 
       ᠮᠢᠨᠦ ᠡᠮᠴᠢ ᠶ᠋ᠢᠨ ᠰᠤᠷᠲᠠᠯ ᠤ᠋ᠨ ᠵᠢᠮ᠎ᠡ ᠶᠣᠰᠣ ᠪᠣᠯᠪᠠᠯ᠂ ᠣᠲᠠᠴᠢ ᠪᠤᠷᠬᠠᠨ ᠤ᠋ ᠵᠢᠭᠠᠪᠤᠷᠢ ᠶ᠋ᠢ ᠬᠦᠷᠲᠡᠵᠦ᠂ ᠨᠠᠮ ᠵᠠᠰᠠᠭ ᠤ᠋ᠨ  ᠬᠥᠮᠦᠵᠢᠯ ᠢ᠋ᠶ᠋ᠡᠷ ᠡᠮᠴᠢ  ᠪᠣᠯᠬᠤ ᠬᠡᠷᠡᠭᠲᠡᠢ᠂ ᠶᠡᠷᠦ ᠶ᠋ᠢᠨ ᠬᠥᠮᠦᠨ ᠳ᠋ᠦ᠍ ᠪᠣᠯᠪᠠᠯ ᠥᠪᠡᠷ ᠦ᠋ᠨ ᠲᠥᠷᠥᠯ ᠰᠠᠳᠤᠨ ᠮᠡᠲᠦ ᠡᠶᠡᠯᠰᠡᠭ ᠳᠣᠲᠣᠨᠣ ᠡᠶᠡᠪᠡᠷᠭᠦᠦ ᠨᠠᠢᠷᠠᠮᠳᠠᠭᠤ ᠬᠠᠨᠳᠤᠵᠤ᠂ ᠡᠪᠡᠳᠴᠢᠲᠡᠨ ᠪᠣᠯᠤᠨ ᠵᠣᠪᠠᠯᠠᠩᠲᠠᠨ ᠢ᠋ ᠪᠣᠯ ᠥᠪᠡᠷ ᠦ᠋ᠨ ᠡᠬᠡ ᠡᠴᠢᠭᠡ ᠠᠬ᠎ᠠ ᠳᠡᠭᠦᠦ ᠮᠡᠲᠦ ᠠᠰᠠᠷᠠᠨ ᠳᠡᠮᠵᠢᠵᠦ ᠬᠠᠯᠠᠮᠵᠢᠯᠠᠯ ᠦᠵᠡᠭᠦᠯᠵᠦ ᠵᠠᠰᠠᠵᠤ ᠠᠪᠤᠷᠠᠨ᠎ᠠ᠂ᠲᠡᠳᠡᠨ ᠢ᠋ ᠡᠪᠡᠳᠴᠢᠨ ᠦ᠌ ᠭᠠᠮᠰᠢᠭ ᠵᠣᠪᠠᠯᠠᠩ ᠠ᠋ᠴᠠ ᠨᠢ ᠠᠷᠢᠯᠭᠠᠨ᠎ᠠ᠂ ᠲᠡᠳᠡᠨ ᠦ᠌ ᠡᠷᠡᠭᠦᠯ ᠰᠠᠷᠠᠭᠤᠯ᠂ ᠵᠣᠯ ᠵᠢᠷᠭᠠᠯ ᠲᠠᠢ ᠠᠮᠢᠳᠤᠷᠠᠯ ᠤ᠋ᠨ ᠲᠥᠯᠥᠭᠡ  ᠥᠪᠡᠷ ᠦ᠋ᠨ ᠠᠯᠢᠪᠠ ᠪᠠᠨ ᠡᠷᠭᠦᠵᠦ᠂ ᠡᠭᠦᠨ ᠳ᠋ᠦ᠍᠄《ᠬᠤᠨ ᠭᠠᠯᠠᠭᠤ ᠶ᠋ᠢᠨ ᠬᠥᠬᠡ ᠣᠭᠲᠠᠷᠭᠤᠢ ᠳ᠋ᠤ᠌ ᠥᠨᠳᠥᠷ ᠨᠢᠰᠦᠯᠲᠡ ᠶ᠋ᠢ ᠪᠠᠬᠠᠳᠤᠨ ᠬᠠᠢᠷᠠᠯᠠᠵᠤ᠂ᠬᠥᠮᠦᠨ ᠲᠥᠷᠥᠯᠬᠢᠲᠡᠨ ᠦ᠌᠂ ᠬᠣᠷᠸ᠎ᠠ ᠶᠢᠷᠲᠢᠨᠴᠦ ᠳ᠋ᠦ᠍ ᠣᠷᠣᠰᠢᠨ ᠠᠮᠢᠳᠤᠷᠠᠬᠤ ᠶ᠋ᠢᠨ ᠲᠥᠯᠥᠭᠡ ᠮᠡᠬᠦᠢᠨ ᠵᠢᠳᠬᠦᠨᠡᠮ!》 ᠭᠡᠰᠡᠨ ᠡᠨᠡ ᠲᠣᠯᠢ ᠪᠠᠷ ᠥᠪᠡᠷ ᠦ᠋ᠨ ᠨᠢᠭᠡᠨ ᠪᠡᠶ᠎ᠡ ᠶ᠋ᠢᠨ ᠬᠠᠷᠠᠯᠲᠠ ᠪᠣᠯᠭᠠᠵᠤ ᠴᠢᠷᠮᠠᠢᠵᠤ ᠵᠢᠳᠬᠦᠭᠰᠡᠨ᠂ᠨᠢᠭᠡ ᠡᠳᠦᠷ ᠠᠮᠢᠳᠤ ᠪᠠᠢᠪᠠᠰᠤ᠂ ᠡᠪᠡᠳᠴᠢᠲᠡᠨ ᠦ᠌  ᠲᠥᠯᠥᠭᠡ ᠲᠡᠮᠡᠴᠡᠬᠦ ᠬᠡᠷᠡᠭᠲᠡᠢ᠃ ᠡᠨᠡ ᠪᠣᠯ ᠮᠢᠨᠦ ᠳᠠᠷᠬᠠᠨ ᠡᠭᠦᠷᠭᠡ ᠪᠣᠯᠤᠨ᠎ᠠ᠂ ᠲᠠ ᠪᠣᠳᠣᠵᠤ ᠦᠵᠡ! ᠡᠨᠡ ᠬᠣᠷᠢᠨ ᠵᠢᠷᠭᠤᠭᠠᠨ ᠵᠢᠯ ᠳ᠋ᠦ᠍᠂ᠮᠢᠨᠦ ᠨᠢᠭᠡ ᠡᠳᠦᠷ ᠦ᠋ᠨ ᠳ᠋ᠤᠭᠠᠷᠯᠠᠬᠤ ᠶ᠋ᠢ ᠪᠣᠯ ᠨᠠᠶᠠ ᠪᠠᠷ ᠬᠢᠵᠠᠭᠠᠷᠯᠠᠵᠤ ᠪᠠᠢᠨ᠎ᠠ᠂ ᠬᠢᠴᠢᠶᠡᠯ ᠣᠷᠣᠬᠤ ᠠ᠋ᠴᠠ ᠪᠤᠰᠤᠳ ᠴᠠᠭ ᠲᠤ᠌ ᠪᠦᠷ ᠡᠪᠡᠳᠴᠢᠨ ᠦᠵᠡᠵᠦ ᠪᠠᠢᠨ᠎ᠠ᠂ ᠠᠯᠢ ᠴᠤ᠌ ᠵᠢᠯ ᠠᠷᠪᠠᠨ ᠬᠡᠳᠦᠨ ᠲᠦᠮᠡᠨ ᠬᠥᠮᠦᠨ ᠦ᠌ ᠡᠪᠡᠳᠴᠢᠨ ᠢ᠋ ᠦᠵᠡᠵᠦ ᠪᠠᠢᠨ᠎ᠠ᠃ ᠣᠯᠠᠨ ᠠᠷᠠᠳ ᠤ᠋ᠨ ᠢᠲᠡᠭᠡᠯ ᠰᠠᠢᠰᠢᠶᠠᠯ ᠢ᠋ ᠬᠦᠷᠲᠡᠭᠰᠡᠨ ᠪᠣᠯᠪᠠᠯ ᠬᠠᠮᠤᠭ ᠤ᠋ᠨ ᠶᠡᠬᠡ ᠱᠠᠩᠨᠠᠯ ᠭᠡᠵᠦ ᠦᠵᠡᠨ᠎ᠡ᠃ 
       ᠰᠤᠷᠪᠤᠯᠵᠢᠯᠠᠭᠴᠢ᠄ ᠲᠠ ᠣᠳᠣ ᠬᠠᠭᠠᠨ ᠤ᠋ ᠱᠠᠩᠨᠠᠯ ᠠ᠋ᠴᠠ ᠬᠠᠷᠠᠴᠤ ᠶ᠋ᠢᠨ ᠱᠠᠩᠨᠠᠯ ᠳᠡᠭᠡᠷ᠎ᠡ ᠭᠡᠵᠦ ᠦᠵᠡᠳᠡᠭ ᠬᠥᠮᠦᠨ ᠪᠠᠢᠨ᠎ᠠ᠂ 
       ᠣᠳᠣ ᠨᠢᠭᠡ ᠨᠢ ᠪᠣᠯᠪᠠᠯ ᠠᠷᠠᠳ ᠲᠦᠮᠡᠨ ᠦ᠌ ᠡᠪᠡᠳᠴᠢᠨ ᠢ᠋ ᠦᠵᠡᠵᠦ ᠪᠤᠶᠠᠨ ᠬᠤᠷᠢᠶᠠᠵᠤ ᠪᠠᠢᠨ᠎ᠠ᠂ ᠡᠨᠡ ᠴᠢᠨᠢ ᠪᠤᠶᠠᠨ ᠬᠤᠷᠢᠶᠠᠵᠤ ᠪᠠᠢᠨ᠎ᠠ᠂ ᠬᠡᠳᠦᠨ ᠦᠶ᠎ᠡ ᠶ᠋ᠢᠨ ᠤᠴᠢᠷ ᠡᠢᠮᠦ ᠰᠠᠢᠨ ᠤᠴᠢᠷ ᠬᠢᠵᠦ ᠪᠠᠢᠨ᠎ᠠ᠂ ᠪᠢᠳᠡ ᠨᠢᠭᠡ ᠪᠡᠶ᠎ᠡ ᠳ᠋ᠦ᠍ ᠪᠡᠨ ᠮᠣᠩᠭᠣᠯ ᠡᠮᠴᠢ ᠶ᠋ᠢᠨ ᠠᠵᠢᠯ ᠬᠢᠭᠡᠳ ᠮᠠᠨ ᠤ᠋ ᠦᠨᠳᠦᠰᠦᠲᠡᠨ ᠥᠪᠡᠷ ᠦ᠋ᠨ ᠦᠨ᠎ᠡ ᠥᠷᠲᠡᠭ ᠲᠡᠢ᠂ ᠡᠭᠦᠨ ᠢ᠋ᠶ᠋ᠡᠨ ᠮᠠᠭᠲᠠᠨ ᠳᠠᠭᠤᠯᠠᠶ᠎ᠠ ᠭᠡᠵᠦ ᠳᠠᠭᠤᠯᠠᠵᠤ ᠥᠩᠭᠡᠷᠡᠵᠡᠢ᠂ ᠪᠠᠶᠠᠷᠯᠠᠪᠠᠯ ᠮᠣᠩᠭᠣᠯ ᠡᠮᠴᠢ ᠶ᠋ᠢᠨ ᠮᠠᠭᠲᠠᠭᠠᠯ ᠢ᠋ᠶ᠋ᠠᠨ ᠳᠠᠭᠤᠯᠠᠨ᠎ᠠ᠂  ᠪᠠᠶᠠᠷ ᠴᠤᠭᠯᠠᠭ᠎ᠠ ᠴᠤᠭᠯᠠᠪᠠᠯ᠂ ᠮᠣᠩᠭᠣᠯ ᠡᠮᠴᠢ ᠶ᠋ᠢᠨ ᠮᠠᠭᠲᠠᠭᠠᠯ ᠢ᠋ᠶ᠋ᠠᠨ ᠳᠠᠭᠤᠯᠠᠳᠠᠭ᠃          
       ᠰᠤᠷᠪᠤᠯᠵᠢᠯᠠᠭᠴᠢ᠄ ᠲᠠᠨ ᠤ᠋ ᠰᠠᠢᠬᠠᠨ ᠳᠠᠭᠤᠤ ᠶ᠋ᠢ ᠴᠢᠨᠢ ᠰᠣᠨᠣᠰᠬᠤ ᠶ᠋ᠢ ᠰᠠᠨᠠᠵᠤ ᠪᠠᠢᠨ᠎ᠠ᠂ 
       ᠪᠢ ᠬᠤᠭᠤᠷᠳᠠᠵᠤ ᠥᠭᠭᠦᠶ᠎ᠡ᠂ 
       ᠰᠤᠷᠪᠤᠯᠵᠢᠯᠠᠭᠴᠢ᠄ ᠲᠠᠨ ᠤ᠋ ᠭᠡᠷ ᠲᠦ᠍ ᠬᠤᠭᠤᠷ ᠳᠠᠷᠤᠵᠤ ᠴᠢᠳᠠᠬᠤ ᠬᠥᠮᠦᠨ ᠪᠠᠢᠭᠰᠠᠨ ᠶᠤᠮ ᠤᠤ? 
       ᠮᠠᠨ ᠤ᠋ ᠮᠣᠩᠭᠣᠯᠵᠢᠨ ᠬᠤᠰᠢᠭᠤᠨ ᠳ᠋ᠤ᠌ ᠭᠤᠷᠪᠠᠨ ᠬᠥᠮᠦᠨ ᠶᠠᠪᠤᠪᠠᠯ ᠬᠣᠶᠠᠷ ᠨᠢ ᠳᠠᠭᠤᠴᠢᠨ᠂ ᠳᠠᠭᠤᠨ ᠳ᠋ᠤ᠌ ᠪᠠᠨ ᠠᠪᠢᠶᠠᠰᠲᠠᠢ᠂ ᠶᠠᠮᠠᠷ ᠦᠭᠡᠭᠦᠦ ᠶᠠᠳᠠᠭᠤ ᠭᠡᠷ ᠪᠣᠯᠤᠭᠰᠠᠨ ᠴᠤ᠌ ᠬᠤᠭᠤᠷ ᠲᠠᠢ᠂ ᠬᠡᠷᠡᠮ ᠳᠡᠭᠡᠷ᠎ᠡ ᠪᠡᠨ ᠡᠯᠭᠦᠵᠦ ᠪᠠᠢᠨ᠎ᠠ᠂ ᠴᠢᠳᠠᠬᠤ ᠴᠢᠳᠠᠬᠤ ᠦᠭᠡᠢ ᠶ᠋ᠢᠨ ᠤᠴᠢᠷ ᠪᠢᠰᠢ᠂ ᠪᠠᠰᠠ ᠨᠢᠭᠡ ᠨᠢ ᠠᠪᠠ ᠶ᠋ᠢᠨ ᠫᠤᠤ ᠲᠠᠢ᠂ ᠡᠨᠡ ᠨᠢ ᠮᠣᠩᠭᠣᠯᠵᠢᠨ ᠤ᠋ ᠵᠠᠩᠰᠢᠯ᠃ ᠮᠢᠨᠦ ᠯᠠᠮᠠ ᠡᠪᠦᠭᠡ ᠪᠣᠯ ᠬᠤᠭᠤᠷ ᠳᠠᠷᠤᠳᠠᠭ᠂ ᠪᠢ᠂ ᠪᠠᠭ᠎ᠠ ᠠ᠋ᠴᠠ ᠪᠠᠨ ᠬᠤᠭᠤᠷ ᠰᠣᠨᠣᠰᠬᠤ ᠳᠤᠷᠠᠲᠠᠢ ᠪᠣᠯᠬᠣᠷ ᠲᠡᠳᠡᠨ ᠢ᠋ ᠳᠠᠭᠠᠵᠤ ᠨᠡᠯᠢᠶᠡᠳ ᠰᠤᠷᠴᠢᠬᠠᠵᠠᠢ᠃  
       ᠰᠤᠷᠪᠤᠯᠵᠢᠯᠠᠭᠴᠢ᠄ ᠪᠠᠢ ᠭᠠᠩ ᠡᠮᠴᠢ ᠬᠤᠭᠤᠷᠳᠠᠭᠠᠳ᠂ ᠯᠢ ᠬᠣᠩ ᠪᠠᠭᠰᠢ ᠳᠠᠭᠤᠯᠠᠨ᠎ᠠ᠂ 

          ᠤᠯᠠᠭᠠᠨ ᠯᠢᠩᠬᠤ᠎ᠠ ᠴᠡᠴᠡᠭ ᠴᠢᠨᠢ ᠠ᠋ ᠬᠦᠢ 
          ᠤᠰᠤᠨ ᠪᠤᠯᠠᠭ ᠲᠤ᠌ ᠪᠠᠨ ᠳᠡᠯᠭᠡᠷᠡᠭᠰᠡᠨ ᠰᠢᠦ ᠬᠦᠢ 
          ᠤᠷᠢᠳᠤ ᠶ᠋ᠢᠨ ᠲᠡᠦᠬᠡ ᠲᠡᠢ ᠮᠣᠩᠭᠣᠯᠵᠢᠨ ᠤ᠋ ᠭᠡᠭᠡᠨ ᠰᠦᠮ᠎ᠡ ᠶ᠋ᠢᠨ 
          ᠣᠷᠳᠣᠨ ᠠ᠋ᠴᠠ ᠮᠠᠮᠪᠠᠷᠠᠰᠠᠩ ᠮᠡᠨᠳᠦᠯᠡᠭᠰᠡᠨ ᠶᠦ᠍ᠮ ᠰᠢᠦ ᠬᠦᠢ   
                               (2011.1.7)  

            ᠪᠠᠢ ᠭᠠᠩ (ᠥᠪᠥᠷ ᠮᠣᠩᠭᠣᠯ ᠤ᠋ᠨ ᠦᠨᠳᠦᠰᠦᠲᠡᠨ ᠦ᠌ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢᠨ ᠮᠣᠩᠭᠣᠯ ᠡᠮᠨᠡᠯᠭᠡ ᠶ᠋ᠢᠨ ᠳᠡᠳ᠋ ᠫᠷᠣᠹᠧᠰᠰᠣᠷ᠂1945.11.17 ——2012.05.01)        

        ᠢᠷᠡᠯᠲᠡ᠄ ᠤᠰᠬᠠᠯ ᠥᠷᠥᠭᠡ    
          ᠪᠢᠴᠢᠯᠭᠡ ᠪᠠ ᠦᠰᠦᠭ ᠠᠮᠢᠯᠠᠭᠤᠯᠵᠤ ᠬᠠᠲᠠᠭᠰᠠᠨ ᠨᠢ᠄ ᠭᠠᠸᠠ   
          ᠬᠢᠨᠠᠭᠴᠢ᠄ ᠰᠡᠴᠡᠨ᠂ ᠨᠤᠮᠤᠴᠢᠨ ᠪᠢᠯᠢᠭ