ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠠᠭᠠᠯᠳᠤᠭᠤᠯᠤᠯ ᠪᠦᠯᠦᠭ-1~2> Сүлдийн соёлын судлал – Минжуур<дагалдуулал бүлэг -1~2> ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠠᠭᠠᠯᠳᠤᠭᠤᠯᠤᠯ ᠪᠦᠯᠦᠭ-1~2> Сүлдийн соёлын судлал – Минжуур<дагалдуулал бүлэг -1~2>

ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠠᠭᠠᠯᠳᠤᠭᠤᠯᠤᠯ ᠪᠦᠯᠦᠭ-1~2> Сүлдийн соёлын судлал – Минжуур<дагалдуулал бүлэг -1~2>

ᠠᠩᠭᠢᠯᠠᠯ:ᠵᠠᠩ ᠦᠢᠯᠡ
2026-03-11

103

ᠳᠠᠭᠠᠯᠳᠤᠭᠤᠯᠤᠯ ᠪᠦᠯᠦᠭ᠂ ᠬᠢᠨᠠᠨ ᠦᠨᠡᠯᠡᠯᠲᠡ ᠶ᠋ᠢᠨ ᠵᠣᠬᠢᠶᠠᠯ


       ᠰᠦᠯᠳᠡ(ᠲᠤᠭ) ᠤ᠋ᠨ ᠪᠡᠯᠭᠡᠳᠡᠯ ᠦ᠋ᠨ ᠰᠣᠶᠣᠯ ᠪᠣᠯ ᠰᠢᠨᠵᠢᠯᠡᠬᠦ ᠤᠬᠠᠭᠠᠨ ᠤ᠋ ᠡᠯᠧᠮᠧᠨ᠋ᠲ ᠢ᠋ᠶ᠋ᠡᠷ ᠪᠠᠶᠠᠯᠢᠭ ᠨᠢᠭᠡ ᠵᠦᠢᠯ ᠦ᠋ᠨ ᠨᠡᠢᠭᠡᠮ ᠦ᠋ᠨ ᠵᠠᠩᠰᠢᠯ ᠶᠤᠮ᠂ ᠡᠢᠮᠦ ᠡᠴᠡ ᠲᠡᠷᠡ ᠨᠢ ᠬᠣᠵᠢᠮ ᠨᠡᠩ ᠬᠥᠭᠵᠢᠨ ᠪᠠᠳᠠᠷᠠᠬᠤ ᠪᠣᠯᠤᠨ᠎ᠠ᠃ 


ᠬᠢᠨᠠᠨ ᠦᠨᠡᠯᠡᠯᠲᠡ ᠶ᠋ᠢᠨ ᠵᠣᠬᠢᠶᠠᠯ ᠤ᠋ᠨ ᠡᠬᠢᠯᠡᠯᠲᠡ ᠦᠭᠡ


       ᠡᠷᠳᠡᠮᠲᠡᠳ ᠦ᠋ᠨ ᠬᠢᠨᠠᠨ ᠦᠨᠡᠯᠡᠭᠰᠡᠨ ᠶᠠᠷᠢᠶ᠎ᠠ ᠪᠤᠶᠤ ᠰᠢᠭᠦᠮᠵᠢ ᠶ᠋ᠢ 《ᠰᠦᠯᠳᠡ ᠶ᠋ᠢᠨ ᠰᠣᠶᠣᠯ ᠤ᠋ᠨ ᠰᠤᠳᠤᠯᠤᠯ》 ᠳ᠋ᠠᠭᠠᠨ ᠳᠠᠭᠠᠯᠳᠤᠭᠤᠯᠤᠨ ᠣᠷᠣᠭᠤᠯᠪᠠᠯ ᠵᠣᠬᠢᠨ᠎ᠠ ᠭᠡᠰᠡᠨ ᠲᠤᠭ ᠤ᠋ᠨ ᠰᠣᠶᠣᠯ ᠳ᠋ᠠᠭᠠᠨ ᠬᠠᠢᠷᠠᠲᠠᠢ ᠬᠥᠮᠦᠰ ᠦ᠋ᠨ ᠬᠠᠯᠠᠭᠤᠨ ᠰᠠᠨᠠᠭᠤᠯᠭ᠎ᠠ ᠶ᠋ᠢ ᠠᠪᠴᠤ᠂ ᠨᠠᠢᠷᠠᠭᠤᠯᠤᠭᠴᠢ ᠡᠷᠳᠡᠮᠲᠡᠨ ᠦ᠌ ᠵᠥᠪᠰᠢᠶᠡᠷᠡᠯ ᠢ᠋ ᠣᠯᠵᠤ᠂ ᠲᠤᠰ ᠨᠣᠮ ᠤ᠋ᠨ ᠠᠷᠤ ᠳ᠋ᠤ᠌ ᠳᠠᠭᠠᠯᠳᠤᠭᠤᠯᠤᠯ ᠭᠡᠰᠡᠨ ᠲᠤᠰᠬᠠᠢ ᠪᠦᠯᠦᠭ ᠭᠠᠷᠭᠠᠵᠤ᠂ ᠰᠢᠯᠢ ᠶ᠋ᠢᠨ ᠭᠣᠣᠯ ᠠᠢᠮᠠᠭ ᠤ᠋ᠨ ᠨᠠᠮ ᠤ᠋ᠨ ᠬᠣᠷᠢᠶᠠᠨ ᠤ᠋ ᠤᠬᠠᠭᠤᠯᠬᠤ ᠬᠡᠯᠲᠡᠰ ᠪᠣᠯᠤᠨ ᠠᠢᠮᠠᠭ ᠤ᠋ᠨ ᠰᠣᠶᠣᠯ ᠲᠠᠮᠢᠷ ᠤ᠋ᠨ ᠲᠣᠪᠴᠢᠶᠠᠨ ᠠ᠋ᠴᠠ ᠡᠷᠬᠢᠯᠡᠭᠰᠡᠨ ᠲᠡᠮᠦᠷ· ᠮᠢᠩᠵᠤᠥᠷ ᠦ᠋ᠨ 《ᠰᠦᠯᠳᠡ ᠶ᠋ᠢᠨ ᠰᠣᠶᠣᠯ ᠤ᠋ᠨ ᠰᠤᠳᠤᠯᠤᠯ》 ᠭᠡᠰᠡᠨ ᠨᠣᠮ ᠢ᠋ ᠬᠢᠨᠠᠨ ᠦᠨᠡᠯᠡᠬᠦ ᠳ᠋ᠦ᠍ ᠣᠷᠣᠯᠴᠠᠭᠰᠠᠨ ᠡᠷᠳᠡᠮᠲᠡᠳ ᠦ᠋ᠨ ᠶᠠᠷᠢᠶ᠎ᠠ ᠪᠠᠷ ᠭᠣᠣᠯ ᠪᠣᠯᠭᠠᠭᠰᠠᠨ ᠵᠣᠬᠢᠶᠠᠯ ᠤ᠋ᠳ ᠢ᠋ ᠴᠤᠭᠯᠠᠭᠤᠯᠤᠨ ᠣᠷᠣᠭᠤᠯᠪᠠ᠃ ᠵᠣᠷᠢᠯᠭ᠎ᠠ ᠨᠢ ᠲᠤᠭ (ᠰᠦᠯᠳᠡ) ᠶ᠋ᠢᠨ ᠰᠣᠶᠣᠯ ᠢ᠋ ᠤᠩᠰᠢᠭᠴᠢ ᠲᠦᠮᠡᠨ ᠳ᠋ᠡᠭᠡᠨ ᠦᠨᠡᠨ ᠵᠥᠪ ᠢ᠋ᠶ᠋ᠡᠷ ᠣᠢᠯᠠᠭᠠᠭᠤᠯᠬᠤ ᠳ᠋ᠤ᠌ ᠪᠣᠢ᠃ ᠬᠠᠷᠠᠮᠰᠠᠯᠲᠠᠢ ᠨᠢ ᠴᠠᠭ ᠤ᠋ᠨ ᠬᠢᠵᠠᠭᠠᠷ ᠠ᠋ᠴᠠ ᠪᠣᠯᠵᠤ ᠭᠤᠷᠪᠠᠨ ᠡᠷᠳᠡᠮᠲᠡᠨ ᠦ᠌ ᠰᠢᠭᠦᠮᠵᠢ ᠵᠣᠬᠢᠶᠠᠯ ᠢ᠋ ᠣᠷᠣᠭᠤᠯᠵᠤ ᠴᠢᠳᠠᠭᠰᠠᠨ ᠦᠭᠡᠢ᠃   

                                         ᠵᠣᠬᠢᠶᠠᠭᠴᠢ 


ᠨᠣᠮ ᠳ᠋ᠤ᠌ ᠥᠭᠬᠦ ᠥᠴᠢᠯ ᠦᠭᠡ


       ᠮᠣᠩᠭᠣᠯ ᠰᠤᠳᠤᠯᠤᠯ ᠬᠡᠮᠡᠬᠦ ᠨᠡᠢᠭᠡᠮ ᠦ᠋ᠨ ᠰᠢᠨᠵᠢᠯᠡᠬᠦ ᠤᠬᠠᠭᠠᠨ ᠤ᠋ ᠰᠤᠳᠤᠯᠭᠠᠨ ᠨᠢ ᠳᠡᠯᠡᠬᠡᠢ ᠶ᠋ᠢᠨ ᠨᠡᠯᠢᠶᠡᠳ ᠣᠯᠠᠨ ᠤᠯᠤᠰ ᠣᠷᠣᠨ ᠳ᠋ᠤ᠌ ᠳᠡᠯᠭᠡᠷᠡᠵᠦ᠂ ᠰᠣᠶᠣᠯ ᠰᠤᠳᠤᠯᠭᠠᠨ ᠤ᠋ ᠨᠢᠭᠡᠨ ᠰᠢᠰᠲ᠋ᠧᠮ ᠪᠣᠯᠤᠨ ᠪᠦᠷᠢᠯᠳᠦᠵᠡᠢ᠃ ᠮᠣᠩᠭᠣᠯ ᠰᠣᠶᠣᠯ ᠰᠤᠳᠤᠯᠭᠠᠨ ᠥᠷᠨᠢᠨ ᠬᠥᠭᠵᠢᠬᠦ ᠶ᠋ᠢ ᠳᠠᠭᠠᠯᠳᠤᠨ ᠮᠠᠨ ᠤ᠋ ᠣᠷᠣᠨ ᠤ᠋ ᠥᠨᠴᠥᠭ ᠪᠤᠯᠤᠩ ᠪᠦᠷᠢ ᠳ᠋ᠦ᠍᠂ ᠦᠰᠦᠭ ᠪᠢᠴᠢᠭ ᠮᠡᠳᠡᠳᠡᠭ᠂ ᠦᠯᠢᠭᠡᠷ ᠲᠡᠦᠬᠡ ᠰᠣᠨᠢᠷᠬᠠᠳᠠᠭ᠂ ᠦᠨᠳᠦᠰᠦᠲᠡᠨ ᠦ᠌ ᠰᠣᠶᠣᠯ ᠢ᠋ᠶ᠋ᠠᠨ ᠳᠡᠭᠡᠳᠦᠯᠡᠳᠡᠭ ᠥᠭᠭᠢᠶᠡᠮᠦᠷ ᠰᠡᠳᠬᠢᠯᠲᠦ ᠬᠥᠮᠦᠨ ᠪᠦᠬᠦᠨ᠂ ᠤᠰᠠᠳᠵᠤ ᠪᠠᠢᠭ᠎ᠠ ᠨᠤᠲᠤᠭ᠂ ᠤᠨᠲᠠᠷᠠᠵᠤ ᠪᠠᠢᠭ᠎ᠠ ᠰᠣᠶᠣᠯ ᠢ᠋ᠶ᠋ᠠᠨ ᠠᠪᠤᠷᠠᠬᠤ ᠭᠡᠮᠡᠨ ᠥᠷᠯᠥᠭᠡ ᠦᠳᠡᠰᠢ ᠶ᠋ᠢ ᠵᠠᠪᠳᠤᠨ᠂ ᠥᠲᠡᠭᠦᠰ ᠨᠠᠰᠤᠲᠠᠨ ᠢ᠋ ᠰᠤᠷᠪᠤᠯᠵᠢᠯᠠᠵᠤ᠂ ᠦᠵᠦᠭ ᠪᠢᠷ ᠢ᠋ᠶ᠋ᠡᠨ ᠬᠤᠷᠴᠠᠯᠠᠨ ᠥᠭᠦᠯᠡᠯ ᠵᠣᠬᠢᠶᠠᠯ ᠪᠢᠴᠢᠬᠦ ᠪᠥᠯᠥᠭᠡ᠃ ᠲᠡᠭᠦᠨ ᠦ᠌ ᠨᠢᠭᠡ ᠨᠢ ᠳᠠᠷᠤᠢ ᠲᠡᠮᠦᠷ· ᠮᠢᠩᠵᠤᠣᠷ ᠪᠢᠯᠡ᠃ 
       ᠬᠥᠳᠡᠯᠮᠦᠷᠢ ᠬᠥᠮᠦᠨ ᠢ᠋ ᠭᠣᠮᠣᠳᠠᠭᠠᠳᠠᠭ ᠥᠬᠡᠢ ᠭᠡᠳᠡᠭᠴᠢᠯᠡᠨ ᠬᠥᠪᠡᠭᠡᠲᠦ ᠰᠢᠷ᠎ᠠ ᠨᠤᠲᠤᠭ ᠢ᠋ᠶ᠋ᠠᠷ ᠳᠠᠩᠰᠠ ᠰᠤᠸᠠᠮᠫᠠᠨ ᠪᠠᠷᠢᠵᠤ᠂ ᠬᠥᠳᠡᠯᠮᠦᠷᠢ ᠶ᠋ᠢᠨ ᠪᠠᠭᠠᠲᠤᠷ ᠴᠣᠯᠠᠯᠠᠭᠳᠠᠭᠰᠠᠨ ᠲᠡᠷᠡ᠂ ᠥᠲᠡᠯᠬᠦ ᠶ᠋ᠢᠨ ᠦᠵᠦᠭᠦᠷ ᠲᠦ᠍ ᠡᠪᠦᠳᠦᠭ ᠰᠥᠬᠥᠷᠡᠵᠦ ᠠᠮᠠᠷᠠᠭ᠎ᠠ ᠦᠭᠡᠢ᠂ ᠥᠪᠡᠷ ᠪᠤᠰᠤᠳ ᠢ᠋ ᠳᠠᠭᠤᠷᠢᠶᠠᠨ ᠥᠷᠥᠵᠦ ᠨᠠᠭᠠᠳᠴᠤ ᠲᠣᠭᠯᠠᠭ᠎ᠠ ᠦᠭᠡᠢ᠂ ᠦᠯᠢᠭᠡᠷ ᠨᠣᠮ ᠢ᠋ ᠤᠩᠰᠢᠨ᠂ ᠦᠵᠡᠭᠰᠡᠨ ᠰᠣᠨᠣᠰᠤᠭᠰᠠᠨ ᠢ᠋ᠶ᠋ᠠᠨ ᠲᠡᠮᠳᠡᠭᠯᠡᠵᠦ᠂ ᠡᠪᠦᠭᠡᠳ ᠨᠠᠰᠤᠲᠠᠨ ᠲᠠᠢ ᠵᠣᠭᠣᠭᠳᠠᠨ ᠦᠦᠭᠡ ᠲᠡᠦᠬᠡ ᠶ᠋ᠢ ᠰᠢᠨᠵᠢᠵᠦ᠂ ᠡᠷᠳᠡᠮᠲᠡᠨ ᠮᠡᠷᠭᠡᠳ ᠲᠡᠢ ᠣᠢᠷᠠᠲᠤᠨ᠂ ᠡᠴᠢᠨ᠎ᠡ ᠰᠤᠷᠭᠠᠯ ᠳ᠋ᠤ᠌ ᠰᠢᠮᠳᠠᠭᠰᠠᠨ ᠢ᠋ᠶ᠋ᠠᠷ ᠥᠪᠡᠷ ᠦ᠋ᠨ ᠬᠡᠮᠡᠬᠦ ᠦᠵᠡᠯᠲᠡ ᠲᠡᠢ ᠪᠣᠯᠵᠤ᠂ ᠡᠨᠡ ᠲᠡᠷᠡ ᠵᠣᠬᠢᠶᠠᠯ ᠢ᠋ᠶ᠋ᠠᠨ ᠡᠮᠬᠢᠳᠬᠡᠬᠦ ᠳ᠋ᠦ᠍ ᠬᠦᠷᠴᠦᠬᠦᠢ᠃ 
       ᠡᠳᠦᠭᠡ ᠡᠷᠬᠢᠮ ᠠᠪᠤᠭᠠᠢ ᠶ᠋ᠢᠨ ᠮᠣᠩᠭᠣᠯ ᠤ᠋ᠨ ᠰᠦᠯᠳᠡ (ᠲᠤᠭ) ᠤ᠋ᠨ ᠲᠤᠬᠠᠢ ᠥᠭᠦᠯᠡᠯ ᠦ᠋ᠳ ᠨᠢ ᠨᠢᠭᠡ ᠳᠡᠪᠲᠡᠷ ᠨᠣᠮ ᠪᠣᠯᠤᠨ ᠬᠡᠪᠯᠡᠭᠳᠡᠵᠦ᠂ ᠣᠯᠠᠨ ᠤᠩᠰᠢᠭᠴᠢᠳ ᠲᠤ᠌ ᠳᠠᠬᠢᠨ ᠨᠢᠭᠤᠷ ᠵᠣᠯᠭᠠᠬᠤ ᠪᠣᠯᠤᠭᠰᠠᠨ ᠳ᠋ᠤ᠌ ᠨᠠᠮᠠᠶ᠋ᠢ ᠱᠠᠯᠠᠵᠤ ᠰᠢᠭᠦᠮᠵᠢ ᠵᠣᠬᠢᠶᠠᠯ ᠪᠢᠴᠢᠵᠦ ᠥᠭᠬᠦ ᠶ᠋ᠢ ᠭᠤᠶᠤᠭᠰᠠᠨ ᠪᠢᠯᠡ᠃ 
       ᠲᠤᠰ ᠨᠣᠮ ᠢ᠋ ᠬᠡᠪᠯᠡᠭᠦᠯᠬᠦ ᠳ᠋ᠦ᠍ ᠨᠢ ᠢᠪᠡᠭᠡᠯ ᠪᠣᠯᠭᠠᠨ ᠪᠢᠴᠢᠰᠦᠭᠡᠢ ᠭᠡᠬᠦ ᠳ᠋ᠦ᠍ ᠰᠦᠯᠳᠡ (ᠲᠤᠭ) ᠤ᠋ᠨ ᠲᠤᠬᠠᠢ ᠭᠦᠨ ᠲᠣᠳᠣᠷᠬᠠᠢ ᠰᠤᠳᠤᠯᠤᠭᠰᠠᠨ ᠦᠭᠡᠢ ᠤᠴᠢᠷ ᠠ᠋ᠴᠠ ᠡᠷᠲᠡ ᠡᠳᠦᠷ ᠦᠨ 《ᠮᠣᠩᠭᠣᠯᠴᠤᠳ ᠪᠠ ᠮᠣᠷᠢ》 ᠬᠡᠮᠡᠬᠦ ᠨᠣᠮ ᠢ᠋ ᠲᠤᠭᠤᠷᠪᠢᠨ ᠪᠢᠴᠢᠬᠦ ᠳ᠋ᠦ᠍ ᠡᠨᠡ ᠲᠤᠬᠠᠢ ᠬᠥᠭᠡᠨ ᠰᠡᠳᠬᠢᠭᠰᠡᠨ ᠢ᠋ᠶ᠋ᠡᠨ ᠡᠷᠭᠢᠨ ᠬᠠᠷᠠᠵᠤ᠂ ᠥᠴᠦᠬᠡᠨ ᠰᠡᠳᠬᠢᠯ ᠢ᠋ᠶ᠋ᠡᠨ ᠢᠯᠡᠳᠬᠡᠬᠦ ᠨᠢᠭᠡᠨ ᠲᠥᠷᠥᠭᠳᠡᠯ ᠢ᠋ ᠪᠢᠴᠢᠨ᠂ ᠨᠣᠮ ᠤ᠋ᠨ ᠴᠠᠭᠠᠨ ᠪᠤᠶᠠᠨ ᠳᠡᠯᠭᠡᠷᠡᠬᠦ ᠶ᠋ᠢᠨ ᠥᠯᠵᠡᠢᠲᠦ ᠢᠷᠦᠭᠡᠯ ᠲᠠᠯᠪᠢᠰᠤᠭᠠᠢ᠃ 
       ᠁ 
       ᠮᠣᠩᠭᠣᠯᠴᠤᠳ ᠤ᠋ᠨ ᠬᠥᠭᠵᠢᠯ ᠦ᠋ᠨ ᠦᠶ᠎ᠡ ᠳ᠋ᠦ᠍ ᠪᠠᠰᠠ ᠴᠠᠭᠠᠨ ᠱᠣᠩᠬᠣᠷ ᠬᠠᠷ᠎ᠠ ᠬᠡᠷᠢᠶ᠎ᠡ ᠶ᠋ᠢ ᠪᠠᠷᠢᠵᠤ ᠪᠠᠢᠭᠰᠠᠨ ᠵᠢᠷᠤᠭ ᠲᠠᠢ ᠲᠤᠭ᠂ ᠬᠠᠷ᠎ᠠ ᠰᠠᠷᠠ ᠲᠠᠢ ᠴᠠᠭᠠᠨ ᠲᠤᠭ᠂ ᠶᠢᠰᠦᠨ ᠬᠣᠰᠢᠭᠤᠲᠤ ᠲᠤᠭ᠁ ᠵᠡᠷᠭᠡ ᠨᠦ᠍ᠭᠦᠳ ᠢ᠋ ᠬᠡᠷᠡᠭᠯᠡᠵᠦ ᠪᠠᠢᠭᠰᠠᠨ ᠭᠡᠬᠦ ᠮᠡᠳᠡᠭᠡ ᠵᠠᠷᠢᠮ ᠨᠣᠮ ᠰᠤᠳᠤᠷ ᠲᠤ᠌ ᠴᠤ᠌ ᠬᠠᠷᠠᠭᠳᠠᠳᠠᠭ᠃ ᠬᠠᠷᠢᠨ ᠡᠳᠦᠭᠡ ᠪᠣᠯᠲᠠᠯ᠎ᠠ ᠰᠦᠯᠳᠡ ᠪᠣᠯᠭᠠᠨ ᠰᠢᠲᠦᠵᠦ ᠪᠠᠢᠭ᠎ᠠ ᠲᠤᠭ ᠲᠤ᠌ 《ᠴᠠᠭᠠᠨ ᠲᠤᠭ》᠂ 《ᠬᠠᠷ᠎ᠠ ᠲᠤᠭ》᠂ 《ᠠᠯᠠᠭ ᠲᠤᠭ》 ᠪᠠᠢᠨ᠎ᠠ᠃ ᠮᠣᠩᠭᠣᠯᠴᠤᠳ ᠥᠪᠡᠷ ᠦ᠋ᠨ ᠬᠡᠮᠡᠬᠦ ᠲᠥᠷᠥ ᠭᠦᠷᠦᠨ ᠲᠡᠢ ᠪᠣᠯᠤᠭᠰᠠᠨ ᠠ᠋ᠴᠠ ᠬᠣᠢᠰᠢ᠂ ᠲᠥᠷᠥ ᠶ᠋ᠢᠨ ᠪᠡᠯᠭᠡ ᠲᠡᠮᠳᠡᠭ ᠪᠣᠯᠤᠭᠰᠠᠨ ᠲᠤᠭ ᠰᠦᠯᠳᠡ ᠶ᠋ᠢ ᠲᠣᠭᠲᠠᠭᠠᠵᠠᠢ᠃ ᠲᠡᠷᠡ ᠨᠢ ᠳᠠᠷᠤᠢ 1205 ᠣᠨ ᠳ᠋ᠤ᠌ ᠴᠢᠩᠭᠢᠰ ᠬᠠᠭᠠᠨ ᠮᠣᠩᠭᠣᠯ ᠤ᠋ᠨ ᠶᠡᠬᠡ ᠣᠷᠣ ᠰᠠᠭᠤᠬᠤ ᠳ᠋ᠤ᠌ ᠲᠣᠭᠲᠠᠭᠠᠭᠰᠠᠨ《ᠶᠢᠰᠦᠨ ᠬᠥᠯᠲᠦ ᠴᠠᠭᠠᠨ ᠲᠤᠭ》 ᠪᠣᠯᠤᠨ᠎ᠠ᠃ ᠴᠠᠭᠠᠨ ᠰᠦᠯᠳᠡ ᠶ᠋ᠢ ᠴᠠᠭᠠᠨ ᠠᠵᠢᠷᠭᠠᠨ ᠤ᠋ ᠳᠡᠯ ᠬᠥᠬᠥᠯ ᠢ᠋ᠶ᠋ᠡᠷ ᠬᠢᠭᠰᠡᠨ ᠨᠢ ᠴᠠᠭᠠᠨ ᠵᠦᠭ ᠦ᠋ᠨ ᠲᠠᠪᠢᠨ ᠲᠠᠪᠤᠨ ᠲᠡᠭᠷᠢ ᠶ᠋ᠢᠨ ᠪᠡᠯᠭᠡᠳᠡᠯ᠂ ᠠᠷᠢᠭᠤᠨ ᠴᠠᠭᠠᠨ ᠡᠩᠬᠡ ᠲᠠᠢᠪᠤᠩ ᠤ᠋ᠨ ᠵᠥᠩᠨᠡᠯ ᠪᠣᠯᠭᠠᠵᠤ᠂ ᠲᠥᠷᠥ ᠶ᠋ᠢᠨ ᠶᠣᠰᠣᠯᠠᠯ ᠳ᠋ᠤ᠌ ᠬᠡᠷᠡᠭᠯᠡᠵᠦᠬᠦᠢ᠃ ᠮᠣᠩᠭᠣᠯᠴᠤᠳ ᠴᠡᠷᠢᠭ ᠲᠡᠢᠨ ᠳ᠋ᠦ᠍ ᠶᠠᠪᠤᠵᠤ ᠪᠠᠢᠬᠤ ᠳ᠋ᠠᠭᠠᠨ ᠪᠠᠰᠠ ᠴᠡᠷᠢᠭ ᠦ᠋ᠨ ᠲᠤᠭ ᠲᠠᠢ ᠪᠠᠢᠪᠠ᠃《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌《ᠠᠯᠠᠭ ᠲᠤᠭᠲᠤ᠂ ᠬᠠᠷ᠎ᠠ ᠲᠤᠭᠲᠤ ᠠ᠋ᠴᠠ ᠠᠮᠢ ᠪᠠᠨ ᠬᠢᠴᠢᠶᠡᠲᠦᠭᠡᠢ》 ᠬᠡᠮᠡᠬᠦ ᠦᠭᠡ ᠪᠠᠢᠳᠠᠭ ᠠ᠋ᠴᠠ ᠦᠵᠡᠪᠡᠯ ᠠᠯᠠᠭ ᠲᠤᠭ᠂ ᠬᠠᠷ᠎ᠠ ᠲᠤᠭ ᠲᠠᠢ ᠪᠠᠢᠵᠠᠢ᠃ ᠬᠠᠷᠠᠭ᠎ᠠ ᠶᠡᠬᠡᠲᠡᠢ ᠬᠠᠷ᠎ᠠ ᠲᠤᠭ! ᠪᠤᠰᠤᠳ ᠢ᠋ ᠠᠶᠤᠯᠭᠠᠬᠤ ᠶ᠋ᠢᠨ ᠪᠡᠯᠭᠡ ᠭᠡᠳᠡᠭ ᠨᠢ ᠬᠠᠷ᠎ᠠ ᠲᠤᠭ ᠪᠣᠯ ᠴᠡᠷᠢᠭ ᠲᠡᠢᠨ ᠦ᠌ ᠲᠤᠭ ᠪᠠᠢᠭᠰᠠᠨ ᠤ᠋ ᠭᠡᠷᠡᠴᠢ ᠪᠤᠶᠤ᠃ ᠬᠠᠷ᠎ᠠ ᠰᠦᠯᠳᠡ ᠶ᠋ᠢ ᠬᠠᠷ᠎ᠠ ᠠᠵᠢᠷᠭᠠᠨ ᠤ᠋ ᠬᠥᠬᠥᠯ ᠳᠡᠯ ᠢ᠋ᠶ᠋ᠡᠷ ᠬᠢᠭᠰᠡᠨ ᠨᠢ ᠬᠠᠷ᠎ᠠ ᠵᠦᠭ ᠦ᠋ᠨ ᠳᠥᠴᠢᠨ ᠳᠥᠷᠪᠡᠨ ᠲᠡᠭᠷᠢ ᠶᠢᠨ ᠪᠡᠯᠭᠡᠳᠡᠯ᠂ ᠳᠠᠢᠰᠤᠨ ᠢ᠋ ᠳᠠᠷᠤᠬᠤ ᠳᠠᠷᠤᠯᠭ᠎ᠠ ᠪᠣᠯᠭᠠᠵᠤ᠂ ᠴᠡᠷᠢᠭ ᠲᠦ᠍ᠷ ᠬᠡᠷᠡᠭᠯᠡᠵᠡᠢ᠃ ᠬᠠᠷ᠎ᠠ ᠲᠤᠭ ᠤᠤᠯ ᠨᠢ ᠬᠠᠷ᠎ᠠ ᠤᠨᠠᠭᠠᠨ ᠤ᠋ ᠠᠷᠠᠰᠤ ᠪᠠᠷ ᠬᠢᠭᠳᠡᠭᠰᠡᠨ ᠭᠡᠳᠡᠭ ᠢ᠋ ᠮᠣᠩᠭᠣᠯ ᠤᠨ ᠳᠣᠷᠣᠨᠠᠲᠤ ᠠᠢᠮᠠᠭ ᠤ᠋ᠨ ᠪᠤᠯᠠᠭᠠᠨ ᠰᠤᠮᠤ ᠶ᠋ᠢᠨ ᠨᠤᠲᠤᠭ ᠳᠠᠬᠢ ᠨᠢᠭᠡᠨ ᠰᠦᠮ᠎ᠡ ᠳ᠋ᠡᠬᠢ ᠡᠳ᠋ ᠥᠯᠥᠭ ᠭᠡᠷᠡᠴᠢ ᠥᠭᠴᠡᠢ᠃ 
       ᠮᠣᠩᠭᠣᠯ ᠤ᠋ᠨ ᠲᠤᠭ ᠨᠢ ᠮᠣᠩᠭᠣᠯ ᠤ᠋ᠨ ᠵᠠᠰᠠᠭᠲᠤ ᠲᠥᠷᠥ ᠭᠦᠷᠦᠨ ᠢ᠋ ᠲᠥᠯᠥᠭᠡᠯᠡᠬᠦ ᠤᠴᠢᠷ ᠠ᠋ᠴᠠ ᠥᠪᠡᠷ ᠦ᠋ᠨ ᠲᠥᠷᠥ ᠵᠠᠰᠠᠭ ᠲᠠᠭᠠᠨ ᠬᠡᠷᠡᠭᠯᠡᠵᠦ ᠢᠷᠡᠭᠰᠡᠨ ᠢ᠋ ᠮᠣᠩᠭᠣᠯ ᠤ᠋ᠨ ᠡᠷᠬᠡᠰᠢᠶᠡᠯᠲᠦ ᠶᠤᠸᠠᠨ ᠤᠯᠤᠰ ᠮᠡᠲᠦ ᠭᠦᠷᠦᠨ ᠦ᠌ ᠦᠶ᠎ᠡ ᠶ᠋ᠢᠨ ᠮᠡᠳᠡᠭᠡ ᠰᠡᠯᠲᠡ ᠭᠡᠷᠡᠴᠢ ᠪᠣᠯᠵᠤ ᠪᠣᠢ᠃ ᠥᠪᠡᠷ ᠦ᠋ᠨ ᠲᠥᠷᠥ ᠭᠦᠷᠦᠨ ᠢ᠋ᠶ᠋ᠡᠨ ᠠᠯᠳᠠᠭᠰᠠᠨ ᠠ᠋ᠴᠠ ᠬᠣᠢᠰᠢ᠂ ᠡᠳᠡᠭᠡᠷ ᠲᠥᠷᠥ ᠶ᠋ᠢᠨ ᠲᠤᠭ ᠨᠢ ᠠᠷᠠᠳ ᠢᠷᠭᠡᠳ ᠦ᠋ᠨ ᠳᠤᠮᠳᠠ ᠰᠢᠲᠦᠭᠳᠡᠭᠰᠡᠨ ᠡᠴᠡ ᠬᠣᠢᠰᠢ ᠲᠤᠭ ᠨᠡᠷ᠎ᠡ ᠪᠡᠨ ᠠᠯᠳᠠᠵᠤ᠂ 《ᠴᠠᠭᠠᠨ ᠰᠦᠯᠳᠡ》᠂ 《ᠬᠠᠷ᠎ᠠ ᠰᠦᠯᠳᠡ》᠂ 《ᠠᠯᠠᠭ ᠰᠦᠯᠳᠡ》 ᠬᠡᠮᠡᠭᠳᠡᠬᠦ ᠪᠣᠯᠵᠠᠢ᠃ 
       ᠁ 
       ᠡᠷᠬᠢᠮ ᠠᠪᠤᠭᠠᠢ᠂ ᠦᠳᠡᠯᠦᠭᠡ ᠨᠠᠰᠤᠨ ᠳ᠋ᠠᠭᠠᠨ《ᠲᠦᠮᠡᠨ ᠪᠣᠳᠢ ᠨᠣᠮ ᠤᠩᠰᠢᠪᠠᠰᠤ᠂ ᠪᠢᠷ ᠦ᠋ᠨ ᠦᠵᠦᠭᠦᠷ ᠰᠢᠳᠢ ᠣᠷᠣᠰᠢᠮᠤᠢ》 ᠬᠡᠮᠡᠬᠦ ᠪᠡᠷ ᠵᠢᠳᠬᠦᠪᠡᠰᠦ ᠪᠠᠰᠠ ᠨᠢᠭᠡᠨ ᠣᠯᠵᠠᠷᠬᠠᠬᠤ ᠣᠶᠤᠨ ᠰᠠᠨᠠᠭᠠᠨ ᠤ᠋ ᠬᠥᠷᠥᠩᠭᠡ ᠲᠡᠢ ᠪᠣᠯᠬᠤ ᠪᠢᠯᠡ ᠭᠡᠮᠡᠨ ᠰᠢᠭᠦᠮᠵᠢ ᠶ᠋ᠢᠨ ᠣᠷᠣᠨ ᠳ᠋ᠤ᠌ ᠡᠭᠦᠨ ᠢ᠋ ᠪᠢᠴᠢᠨ᠂ ᠡᠩ ᠴᠠᠭᠠᠨ ᠬᠠᠳᠠᠭ ᠤ᠋ᠨ ᠬᠠᠮᠲᠤ ᠡᠷᠭᠦᠨ ᠳᠡᠪᠰᠢᠭᠦᠯᠵᠦ᠂ ᠶᠢᠰᠦᠨ ᠴᠠᠭᠠᠨ ᠬᠦᠰᠡᠯ ᠴᠢᠨᠢ ᠨᠣᠮ ᠤ᠋ᠨ ᠴᠢᠨᠢ ᠬᠠᠮᠲᠤ ᠪᠡᠶᠡᠯᠡᠬᠦ ᠥᠯᠵᠡᠢᠲᠡᠢ ᠢᠷᠦᠭᠡᠯ ᠲᠠᠯᠪᠢᠰᠤᠭᠠᠢ᠃ 

                      ᠪᠣᠷᠵᠢᠭᠢᠨ ᠸᠠᠩᠴᠤᠭ
                                 (ᠣᠳᠣᠨ ᠵᠢᠷᠤᠬᠠᠢ ᠶ᠋ᠢᠨ ᠤᠬᠠᠭᠠᠨ ᠤ᠋ 
                                  ᠲᠡᠦᠬᠡ ᠶ᠋ᠢᠨ ᠳᠣᠺᠲ᠋ᠣᠷ᠂ ᠫᠷᠣᠹᠧᠰᠰᠣᠷ) 
                                              ᠬᠥᠬᠡᠬᠣᠲᠠᠨ᠎ᠠ