ᠰᠠᠢᠷ ᠪᠤᠯᠠᠭ -ᠣᠲᠣᠭ ᠬᠣᠰᠢᠭᠤᠨ ᠎ᠤ ᠣᠷᠳᠣᠰ ᠨᠠᠢᠷ ᠨᠡᠢᠭᠡᠮᠯᠢᠭ Сайр булаг-Отог хушууны ордос найр нийгэмлэг ᠤᠷᠲᠤ ᠶ᠋ᠢᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠷ ᠪᠤᠯᠠᠭ -ᠣᠲᠣᠭ ᠬᠣᠰᠢᠭᠤᠨ ᠎ᠤ ᠣᠷᠳᠣᠰ ᠨᠠᠢᠷ ᠨᠡᠢᠭᠡᠮᠯᠢᠭ Сайр булаг-Отог хушууны ордос найр нийгэмлэг

ᠰᠠᠢᠷ ᠪᠤᠯᠠᠭ -ᠣᠲᠣᠭ ᠬᠣᠰᠢᠭᠤᠨ ᠎ᠤ ᠣᠷᠳᠣᠰ ᠨᠠᠢᠷ ᠨᠡᠢᠭᠡᠮᠯᠢᠭ Сайр булаг-Отог хушууны ордос найр нийгэмлэг

2026-03-11

233

ᠰᠠᠢᠷ ᠪᠤᠯᠠᠭ ᠤ᠋ᠨ ᠤᠰᠤ 

    ᠠᠷᠠᠳ ᠤ᠋ᠨ ᠳᠠᠭᠤᠤ
   ᠣᠷᠳᠣᠰ ᠬᠣᠲᠠ ᠶ᠋ᠢᠨ ᠣᠲᠣᠭ ᠬᠤᠰᠢᠭᠤᠨ ᠤ᠋ ᠣᠷᠳᠣᠰ ᠨᠠᠢᠷ ᠨᠡᠢᠭᠡᠮᠯᠢᠭ

ᠰᠠᠢᠷ ᠪᠤᠯᠠᠭ ᠤ᠋ᠨ ᠤᠰᠤ ᠨᠢ 
ᠰᠠᠢᠷ ᠢ᠋ᠶ᠋ᠠᠨ ᠳᠠᠭᠠᠭᠠᠳ ᠤᠷᠤᠰᠤᠨ᠎ᠠ ᠳᠠ 
ᠰᠠᠢᠬᠠᠨ ᠵᠠᠩ ᠲᠠᠢ ᠠᠬ᠎ᠠ ᠨᠠᠷ ᠲᠠᠭᠠᠨ 
ᠰᠠᠷᠬᠤᠳ ᠢ᠋ᠶ᠋ᠠᠨ ᠪᠠᠷᠢᠭᠠᠳ ᠨᠠᠢᠷᠯᠠᠶ᠎ᠠ ᠳ᠋ᠣᠣ᠃ 

ᠴᠠᠰᠤᠲᠤ ᠴᠠᠭᠠᠨ ᠠᠭᠤᠯᠠ 


      ᠠᠷᠠᠳ ᠤ᠋ᠨ ᠳᠠᠭᠤᠤ

ᠴᠠᠰᠤᠲᠤ ᠴᠠᠭᠠᠨ ᠠᠭᠤᠯᠠ ᠶ᠋ᠢᠨ ᠣᠷᠣᠢ ᠳᠡᠭᠡᠷ᠎ᠡ
ᠴᠠᠭᠠᠨ ᠠᠷᠰᠯᠠᠨ ᠰᠦᠷ ᠪᠣᠯᠤᠭᠠᠳ ᠵᠢᠪᠬᠤᠯᠠᠩ ᠲᠠᠢ
ᠴᠠᠭ ᠤ᠋ᠨ ᠢᠷᠦᠭᠡᠯ ᠢ᠋ᠶ᠋ᠡᠷ ᠤᠴᠠᠷᠠᠭᠰᠠᠨ ᠠᠬ᠎ᠠ ᠨᠠᠷ ᠲᠠᠨ ᠳ᠋ᠤ᠌ ᠪᠠᠨ
ᠬᠤᠨᠳᠠᠭ᠎ᠠ ᠲᠠᠢ ᠰᠠᠷᠬᠤᠳ ᠢ᠋ᠶ᠋ᠠᠨ ᠪᠠᠷᠢᠨ ᠪᠠᠷᠢᠭᠰᠠᠭᠠᠷ ᠵᠣᠭᠣᠭᠯᠠᠭᠤᠯᠤᠶ᠎ᠠ

ᠪᠠᠷᠠᠭᠤᠨ ᠪᠤᠯᠠᠭ ᠤ᠋ᠨ ᠤᠰᠤᠨ ᠡᠴᠡ ᠪᠡᠨ ᠲᠤᠩᠭᠠᠯᠠᠭ
ᠪᠠᠳᠮ᠎ᠠ ᠯᠢᠩᠬᠤ᠎ᠠ ᠴᠡᠴᠡᠭ ᠮᠡᠲᠦ ᠰᠡᠷᠭᠦᠯᠡᠩ ᠲᠡᠢ
ᠪᠠᠭ᠎ᠠ ᠶ᠋ᠢᠨ ᠢᠷᠦᠭᠡᠯ ᠢ᠋ᠶ᠋ᠡᠷ ᠤᠴᠠᠷᠠᠭᠰᠠᠨ ᠠᠬ᠎ᠠ ᠨᠠᠷ ᠲᠠᠨ ᠳ᠋ᠤ᠌ ᠪᠠᠨ
ᠬᠤᠨᠳᠠᠭ᠎ᠠ ᠲᠠᠢ ᠰᠠᠷᠬᠤᠳ ᠢ᠋ᠶ᠋ᠠᠨ ᠪᠠᠷᠢᠨ ᠪᠠᠷᠢᠭᠰᠠᠭᠠᠷ ᠵᠣᠭᠣᠭᠯᠠᠭᠤᠯᠤᠶ᠎ᠠ

ᠵᠡᠭᠦᠨ ᠪᠤᠯᠠᠭ ᠤ᠋ᠨ ᠤᠰᠤᠨ ᠠ᠋ᠴᠠ ᠨᠢ ᠲᠤᠩᠭᠠᠯᠠᠭ
ᠵᠦᠯᠭᠡᠨ ᠳ᠋ᠦ᠍ ᠪᠡᠨ ᠤᠷᠭᠤᠭᠰᠠᠨ ᠴᠡᠴᠡᠭ ᠮᠡᠲᠦ ᠰᠡᠷᠭᠦᠯᠡᠩ ᠲᠡᠢ
ᠵᠢᠷᠦᠬᠡᠨ ᠦ᠌ ᠢᠷᠦᠭᠡᠯ ᠢ᠋ᠶ᠋ᠡᠷ ᠤᠴᠠᠷᠠᠭᠰᠠᠨ ᠠᠬ᠎ᠠ ᠨᠠᠷ ᠲᠠᠨ ᠳ᠋ᠤ᠌ ᠪᠠᠨ
ᠬᠤᠨᠳᠠᠭ᠎ᠠ ᠲᠠᠢ ᠰᠠᠷᠬᠤᠳ ᠢ᠋ᠶ᠋ᠠᠨ ᠪᠠᠷᠢᠨ ᠪᠠᠷᠢᠭᠰᠠᠭᠠᠷ ᠵᠣᠭᠣᠭᠯᠠᠭᠤᠯᠤᠶ᠎ᠠ


ᠪᠠᠷᠠᠭᠤᠨ ᠪᠤᠯᠠᠭ ᠤ᠋ᠨ ᠤᠰᠤ 


      ᠠᠷᠠᠳ ᠤ᠋ᠨ ᠳᠠᠭᠤᠤ

ᠪᠠᠷᠠᠭᠤᠨ ᠪᠤᠯᠠᠭ ᠤ᠋ᠨ ᠤᠰᠤᠨ ᠠ᠋ᠴᠠ ᠨᠢ
ᠪᠠᠳᠮ᠎ᠠ ᠯᠢᠩᠬᠤ᠎ᠠ ᠴᠡᠴᠡᠭ ᠡᠴᠡ ᠪᠡᠨ ᠰᠡᠷᠭᠦᠯᠡᠩ
ᠪᠠᠶᠠᠷ ᠲᠠᠢ ᠤᠴᠠᠷᠠᠭᠰᠠᠨ ᠠᠬ᠎ᠠ ᠳᠡᠭᠦᠦ ᠲᠠ ᠨᠠᠷ ᠲᠤ᠌ ᠪᠠᠨ
ᠪᠠᠶᠠᠷ ᠤ᠋ᠨ ᠠᠷᠢᠬᠢ ᠪᠠᠨ ᠪᠠᠷᠢᠨ ᠪᠠᠷᠢᠨ ᠳᠡᠪᠰᠢᠭᠦᠯᠦᠶ᠎ᠡ᠃

ᠵᠡᠭᠦᠨ ᠴᠦ᠍ ᠪᠤᠯᠠᠭ ᠤ᠋ᠨ ᠤᠰᠤᠨ ᠡᠴᠡ ᠪᠡᠨ ᠲᠤᠩᠭᠠᠯᠠᠭ
ᠵᠦᠯᠭᠡᠨ ᠳ᠋ᠦ᠍ ᠪᠡᠨ ᠤᠷᠭᠤᠭᠰᠠᠨ ᠴᠡᠴᠡᠭ ᠡᠴᠡ ᠪᠡᠨ ᠰᠡᠷᠭᠦᠯᠡᠩ
ᠵᠢᠷᠦᠬᠡᠨ ᠦ᠌ ᠬᠠᠢᠷᠠᠲᠤ ᠠᠬ᠎ᠠ ᠳᠡᠭᠦᠦ ᠲᠠ ᠨᠠᠷ ᠲᠤ᠌ ᠪᠠᠨ
ᠵᠦᠩᠰᠡ ᠲᠡᠢ ᠠᠷᠢᠬᠢ ᠪᠠᠨ ᠪᠠᠷᠢᠨ ᠪᠠᠷᠢᠨ ᠳᠡᠪᠰᠢᠭᠦᠯᠦᠶ᠎ᠡ᠃

ᠤᠷᠲᠤ ᠪᠤᠯᠠᠭ ᠤ᠋ᠨ ᠤᠰᠤᠨ ᠡᠴᠡ ᠪᠡᠨ ᠲᠤᠩᠭᠠᠯᠠᠭ
ᠠᠭᠤᠯᠠᠨ ᠳ᠋ᠤ᠌ ᠪᠠᠨ ᠤᠷᠭᠤᠭᠰᠠᠨ ᠴᠡᠴᠡᠭ ᠡᠴᠡ ᠪᠡᠨ ᠰᠡᠷᠭᠦᠯᠡᠩ
ᠤᠭ ᠡᠴᠡ ᠪᠡᠨ ᠲᠠᠨᠢᠯᠴᠠᠭᠰᠠᠨ ᠠᠬ᠎ᠠ ᠳᠡᠭᠦᠦ ᠲᠠ ᠨᠠᠷ ᠲᠤ᠌ ᠪᠠᠨ
ᠦᠵᠦᠮ ᠦ᠋ᠨ ᠠᠷᠢᠬᠢ ᠪᠠᠨ ᠪᠠᠷᠢᠨ ᠪᠠᠷᠢᠨ ᠳᠡᠪᠰᠢᠭᠦᠯᠦᠶ᠎ᠡ᠃
ᠠᠮᠤᠷ ᠮᠡᠨᠳᠦ ᠠᠮᠤᠷ ᠮᠡᠨᠳᠦ
ᠲᠠᠢᠪᠤᠩ ᠠᠮᠤᠷ ᠰᠠᠢᠨ
ᠠᠮᠤᠷ ᠮᠡᠨᠳᠦ ᠠᠮᠤᠷ ᠮᠡᠨᠳᠦ
ᠲᠠᠢᠪᠤᠩ ᠠᠮᠤᠷ ᠰᠠᠢᠨ᠃

        ᠦᠰᠦᠭ ᠠᠮᠢᠯᠠᠭᠤᠯᠤᠭᠴᠢ᠄ ᠤᠤᠭᠠᠨᠵᠢᠳ
        ᠬᠢᠨᠠᠭᠴᠢ᠄ ᠮᠡᠷᠭᠡᠨᠪᠢᠯᠢᠭ