ᠲᠡᠷᠭᠡᠯ ᠬᠦᠦ ᠶ᠋ᠢᠨ ᠦᠯᠢᠭᠡᠷTergel khüügiin ülgerТэргэл хүүгийн үлгэр
ᠲᠡᠷᠭᠡᠯ ᠬᠦᠦ ᠶ᠋ᠢᠨ ᠦᠯᠢᠭᠡᠷ
ᠳᠣᠮᠣᠭ ᠦᠯᠢᠭᠡᠷ
ᠡᠷᠲᠡ ᠤᠷᠢᠳᠤ ᠴᠠᠭ ᠲᠤ᠌ ᠤᠶᠠᠨ ᠠᠭᠤᠯᠠ ᠶ᠋ᠢᠨ ᠥᠪᠥᠷ ᠬᠠᠳᠠᠨ ᠤᠨᠤᠨ ᠤ᠋ ᠪᠡᠯᠴᠢᠭᠡᠷ ᠲᠦ᠍ ᠲᠡᠷᠭᠡᠯ ᠭᠡᠳᠡᠭ ᠬᠦᠦ ᠪᠠᠢᠵᠠᠢ᠃ ᠲᠡᠷᠭᠡᠯ ᠬᠦᠦ ᠤᠬᠠᠭᠠᠨ ᠰᠠᠢᠨ ᠠᠪᠤ᠂ ᠤᠳᠤᠮᠲᠤ ᠰᠠᠢᠬᠠᠨ ᠡᠵᠢ ᠲᠡᠢ ᠶᠤᠮ ᠭᠡᠨ᠎ᠡ᠃ ᠠᠪᠤ ᠨᠢ ᠬᠦᠦ ᠳ᠋ᠡᠭᠡᠨ᠂ ᠡᠬᠡ ᠪᠣᠯᠤᠭᠰᠠᠨ ᠪᠠᠢᠭᠠᠯᠢ ᠳᠡᠯᠡᠬᠡᠢ ᠪᠡᠨ ᠬᠠᠢᠷᠠᠯᠠᠨ ᠡᠨᠡᠷᠢᠵᠦ ᠶᠠᠪᠤ! ᠣᠨᠴᠠ ᠴᠢᠬᠤᠯᠠ ᠬᠡᠷᠡᠭ ᠦᠭᠡᠢ ᠪᠣᠯ ᠭᠠᠵᠠᠷ ᠳᠡᠯᠡᠬᠡᠢ ᠶ᠋ᠢ ᠪᠤᠤ ᠰᠡᠨᠳᠡᠭᠡᠴᠢ ᠭᠡᠵᠦ ᠰᠤᠷᠭᠠᠳᠠᠭ ᠪᠠᠢᠵᠠᠢ᠃ ᠬᠦᠦ ᠠᠷᠪᠠᠨ ᠲᠠᠪᠤᠨ ᠨᠠᠰᠤ ᠬᠦᠷᠦᠭᠰᠡᠨ ᠵᠢᠯ ᠲᠡᠳᠡᠨ ᠦ᠌ ᠬᠢ ᠪᠡᠯᠴᠢᠭᠡᠷ ᠰᠡᠯᠭᠦᠵᠦ ᠤᠨᠤᠨ ᠮᠥᠷᠡᠨ ᠦ᠌ ᠪᠡᠨ ᠨᠢᠭᠡᠨ ᠰᠠᠢᠬᠠᠨ ᠲᠣᠬᠣᠢ ᠳ᠋ᠤ᠌ ᠪᠠᠭᠤᠵᠠᠢ᠃ ᠦᠳᠡᠰᠢ ᠪᠣᠯᠤᠨ ᠣᠳᠣ ᠲᠦᠭᠡᠬᠦ ᠳ᠋ᠦ᠍ ᠠᠪᠤ ᠨᠢ᠂
— ᠠᠪᠤ ᠶ᠋ᠢᠨ ᠶ᠋ᠢᠡᠨ ᠮᠣᠷᠢ ᠶ᠋ᠢ ᠠᠷᠭᠠᠮᠵᠢᠭᠠᠳ ᠢᠷ᠎ᠡ ᠭᠡᠵᠦ ᠬᠡᠯᠡᠪᠡ᠃
ᠤᠷᠢᠳᠤ ᠵᠢᠯ ᠨᠢ ᠡᠨᠡ ᠰᠠᠢᠬᠠᠨ ᠲᠣᠬᠣᠢ ᠳ᠋ᠤ᠌ ᠨᠠᠮᠤᠷᠵᠢᠬᠤ ᠳ᠋ᠠᠭᠠᠨ ᠨᠢᠭᠡᠨ ᠬᠠᠪᠲᠠᠭᠠᠢ ᠴᠢᠯᠠᠭᠤᠨ ᠠ᠋ᠴᠠ ᠠᠪᠤ ᠨᠢ ᠮᠣᠷᠢ ᠠᠷᠭᠠᠮᠵᠢᠳᠠᠭ ᠪᠠᠢᠵᠠᠢ᠃ ᠭᠡᠲᠡᠯ᠎ᠡ ᠵᠦᠯᠭᠡᠨ ᠥᠨᠳᠥᠷ ᠡᠪᠡᠰᠦᠨ ᠳᠤᠮᠳᠠ ᠠ᠋ᠴᠠ ᠠᠷᠭᠠᠮᠵᠢᠶᠠᠨ ᠤ᠋ ᠪᠠᠨ ᠴᠢᠯᠠᠭᠤ ᠶ᠋ᠢ ᠬᠠᠢᠭᠠᠳ ᠬᠠᠢᠭᠠᠳ ᠣᠯᠤᠭᠰᠠᠨ ᠦᠭᠡᠢ ᠭᠡᠨ᠎ᠡ᠃ ᠡᠳᠦᠷ ᠦ᠋ᠨ ᠠᠵᠢᠯ ᠳ᠋ᠠᠭᠠᠨ ᠠᠯᠵᠢᠶᠠᠯᠠᠵᠤ ᠶᠠᠳᠠᠷᠠᠭᠰᠠᠨ ᠬᠦᠦ ᠤᠨᠲᠠᠬᠤ ᠶ᠋ᠢᠨ ᠲᠦᠭᠦᠰ ᠪᠣᠯᠵᠤ᠂ ᠮᠠᠢᠬᠠᠨ ᠤ᠋ ᠪᠠᠨ ᠨᠢᠭᠡ ᠭᠠᠳᠠᠰᠤ ᠶ᠋ᠢ ᠭᠣᠣᠯ ᠤ᠋ᠨ ᠰᠢᠷᠭᠢᠨ ᠳᠡᠭᠡᠷ᠎ᠡ ᠵᠤᠭᠤᠭᠠᠳ ᠠᠪᠤ ᠶ᠋ᠢᠨ ᠢ᠋ᠶ᠋ᠡᠨ ᠮᠣᠷᠢ ᠶ᠋ᠢ ᠠᠷᠭᠠᠮᠵᠢᠵᠤ ᠣᠷᠬᠢᠪᠠ᠃ ᠮᠠᠷᠭᠠᠰᠢ ᠥᠷᠯᠥᠭᠡ ᠨᠢ ᠠᠪᠤ ᠶ᠋ᠢᠨ ᠢ᠋ᠶ᠋ᠡᠨ ᠮᠣᠷᠢ ᠶ᠋ᠢ ᠳᠥᠬᠥᠭᠦᠯᠵᠦ ᠥᠭᠭᠦᠭᠡᠳ᠂ ᠬᠢᠴᠢᠶᠡᠩᠭᠦᠢᠯᠡᠨ ᠡᠷᠢᠭᠰᠡᠭᠡᠷ ᠠᠷᠭᠠᠮᠵᠢᠶᠠᠨ ᠤ᠋ ᠪᠠᠨ ᠴᠢᠯᠠᠭᠤ ᠶ᠋ᠢ ᠣᠯᠵᠠᠢ᠃ ᠭᠡᠪᠡᠴᠦ ᠬᠦᠦ ᠨᠥᠭᠥᠭᠡ ᠭᠠᠳᠠᠰᠤ ᠪᠠᠨ ᠰᠤᠭᠤᠯᠵᠤ ᠠᠪᠬᠤ ᠪᠠᠨ ᠮᠠᠷᠲᠠᠭᠰᠠᠨ ᠪᠠᠢᠯ᠎ᠠ᠃ ᠬᠡᠳᠦ ᠬᠣᠨᠣᠭ ᠤ᠋ᠨ ᠳᠠᠷᠠᠭ᠎ᠠ ᠲᠡᠳᠡᠨ ᠦ᠌ ᠬᠢ ᠳᠠᠬᠢᠨ ᠨᠤᠲᠤᠭ ᠰᠡᠯᠭᠦᠨ ᠨᠡᠭᠦᠪᠡ᠃ ᠰᠢᠨ᠎ᠡ ᠨᠤᠲᠤᠭ ᠲᠤ᠌ ᠪᠠᠭᠤᠭᠰᠠᠨ ᠤ᠋ ᠳᠠᠷᠠᠭ᠎ᠠ ᠬᠦᠦ ᠶ᠋ᠢᠨ ᠥᠭᠡᠵᠡᠭ ᠳᠡᠭᠡᠷ᠎ᠡ ᠬᠠᠲᠠᠭᠢ ᠭᠠᠷᠴᠤ ᠶᠡᠬᠡ ᠯᠡ ᠰᠢᠨᠠᠯᠭᠠᠬᠤ ᠪᠣᠯᠪᠠ᠃ ᠡᠨᠡ ᠲᠤᠬᠠᠢ ᠪᠠᠨ ᠠᠪᠤ ᠡᠵᠢ ᠳ᠋ᠦ᠍ ᠪᠡᠨ ᠬᠡᠯᠡᠯ᠎ᠡ ᠦᠭᠡᠢ᠂ ᠮᠣᠷᠢ ᠤᠨᠤᠵᠤ ᠶᠠᠪᠤᠭᠰᠠᠭᠠᠷ ᠪᠠᠢᠭᠠᠳ ᠬᠠᠲᠠᠭᠢ ᠨᠢ ᠬᠥᠨᠳᠡᠭᠳᠡᠵᠦ ᠬᠦᠦ ᠬᠠᠯᠠᠭᠤᠷᠠᠵᠤ ᠬᠡᠪᠲᠡᠷᠢ ᠳ᠋ᠦ᠍ ᠣᠷᠣᠵᠠᠢ᠃ ᠠᠪᠤ ᠡᠵᠢ ᠨᠢ ᠡᠯᠳᠡᠪ ᠠᠷᠭ᠎ᠠ ᠬᠡᠷᠡᠭᠯᠡᠵᠦ ᠡᠮ ᠳᠠᠩ ᠥᠭᠭᠦᠭᠡᠳ ᠴᠦ᠍ ᠬᠦᠦ ᠶ᠋ᠢ ᠢᠲᠡᠭᠡᠵᠦ ᠴᠢᠳᠠᠬᠤ ᠦᠭᠡᠢ ᠳ᠋ᠡᠭᠡᠨ᠂ ᠲᠡᠷᠭᠡᠯ ᠬᠦᠦ ᠡᠪᠡᠳᠴᠢᠨ ᠳ᠋ᠡᠭᠡᠨ ᠰᠢᠨᠡᠯᠡᠵᠦ ᠬᠡᠪᠲᠡᠵᠦ ᠪᠠᠢᠲᠠᠯ᠎ᠠ ᠥᠷᠭᠥᠭᠡ ᠭᠡᠷ ᠦ᠋ᠨ ᠬᠢᠨ ᠬᠠᠭᠠᠯᠭ᠎ᠠ ᠣᠩᠭᠣᠢᠵᠤ᠂ ᠲᠡᠷᠢᠭᠦᠨ ᠡᠴᠡ ᠪᠡᠨ ᠭᠡᠷᠡᠯ ᠰᠠᠴᠤᠷᠠᠭᠤᠯᠤᠭᠰᠠᠨ ᠨᠢᠭᠡᠨ ᠰᠠᠢᠬᠠᠨ ᠳᠠᠭᠢᠨᠢ ᠣᠷᠣᠵᠤ ᠢᠷᠡᠪᠡ᠃ ᠳᠠᠭᠢᠨᠢ ᠲᠡᠷᠭᠡᠯ ᠳ᠋ᠦ᠍ ᠭᠠᠷ ᠢ᠋ᠶ᠋ᠠᠨ ᠰᠤᠩᠭᠠᠵᠤ ᠬᠠᠮᠲᠤ ᠶᠠᠪᠤᠬᠤ ᠶ᠋ᠢ ᠬᠦᠰᠡᠵᠡᠢ᠃ ᠬᠦᠦ ᠴᠦ᠍ ᠳᠤᠭᠤᠢ ᠪᠣᠰᠴᠤ ᠳᠠᠭᠢᠨᠢ ᠶ᠋ᠢ ᠳᠠᠭᠠᠨ ᠭᠠᠷᠪᠠ᠃ ᠬᠣᠶᠠᠭᠤᠯᠠ ᠶᠠᠪᠤᠭᠰᠠᠭᠠᠷ ᠤᠨᠤᠨ ᠮᠥᠷᠡᠨ ᠦ᠌ ᠡᠷᠭᠢ ᠳᠡᠭᠡᠷ᠎ᠡ ᠢᠷᠡᠬᠦ ᠳ᠋ᠦ᠍᠂ ᠳᠠᠭᠢᠨᠢ ᠲᠡᠷᠭᠡᠯ ᠳ᠋ᠦ᠍᠂
— ᠨᠢᠳᠦ ᠪᠡᠨ ᠠᠨᠠᠢ ᠭᠡᠵᠦ ᠬᠡᠯᠡᠪᠡ᠃
ᠬᠦᠦ ᠨᠢᠳᠦ ᠪᠡᠨ ᠠᠨᠢᠵᠤ ᠵᠢᠩᠭᠦᠢᠳᠡᠬᠦ ᠮᠡᠲᠦ ᠬᠥᠪᠦᠭᠰᠡᠭᠡᠷ ᠤᠳᠠᠯ ᠦᠭᠡᠢ ᠨᠢᠳᠦ ᠪᠡᠨ ᠨᠡᠬᠡ ᠭᠡᠬᠦ ᠳ᠋ᠦ᠍᠂ ᠬᠠᠷᠠᠪᠠᠯ ᠡᠭᠦᠳᠡᠨ ᠳ᠋ᠦ᠍ ᠵᠣᠭᠰᠣᠵᠤ ᠪᠠᠢᠭ᠎ᠠ ᠬᠥᠮᠦᠨ ᠳ᠋ᠦ᠍ ᠬᠣᠢᠮᠣᠷ ᠨᠢ ᠬᠠᠷᠠᠭᠳᠠᠬᠤ ᠪᠠᠷ ᠦᠭᠡᠢ ᠠᠰᠠᠷ ᠲᠣᠮᠣ ᠰᠠᠷᠠᠭᠤᠯ ᠥᠷᠥᠭᠡᠨ ᠳ᠋ᠦ᠍ ᠣᠷᠣᠵᠤ ᠢᠷᠡᠭᠰᠡᠨ ᠪᠠᠢᠵᠠᠢ᠃ ᠲᠡᠷᠢᠭᠦᠨ ᠦ᠌ ᠳᠡᠭᠡᠷ᠎ᠡ ᠡᠴᠡ ᠡᠷᠳᠡᠨᠢ ᠶ᠋ᠢᠨ ᠲᠢᠲᠢᠮ ᠠᠰᠠᠭᠠᠭᠰᠠᠨ ᠯᠤᠤᠰ ᠤ᠋ᠨ ᠬᠠᠭᠠᠨ ᠲᠡᠳᠡᠨ ᠦ᠌ ᠵᠦᠭ ᠳᠥᠭᠥᠵᠦ ᠢᠷᠡᠭᠡᠳ ᠬᠥᠮᠥᠰᠬᠡ ᠪᠡᠨ ᠠᠲᠤᠷᠢᠭᠤᠯᠤᠨ᠂
— ᠠ᠂ ᠨᠥᠭᠥᠭᠡ ᠪᠤᠯᠴᠢᠩ ᠦᠭᠡᠢ ᠬᠦᠦ ᠴᠢ ᠤᠤ? ᠨᠠᠰᠢ ᠢᠷ᠎ᠡ! ᠮᠢᠨᠦ ᠬᠦᠦ ᠶ᠋ᠢ ᠶᠠᠮᠠᠷ ᠪᠣᠯᠭᠠᠭᠰᠠᠨ ᠢ᠋ᠶ᠋ᠠᠨ ᠬᠠᠷ᠎ᠠ ᠭᠡᠵᠦ ᠵᠠᠩᠳᠤᠷᠤᠩᠭᠤᠢ ᠬᠡᠯᠡᠭᠡᠳ ᠪᠠᠷᠠᠭᠤᠨ ᠲᠠᠯ᠎ᠠ ᠶ᠋ᠢᠨ ᠣᠷᠣᠨ ᠳᠡᠭᠡᠷ᠎ᠡ ᠲᠣᠷᠭᠠᠨ ᠬᠥᠨᠵᠢᠯᠡ ᠨᠥᠮᠥᠷᠦᠨ ᠬᠡᠪᠲᠡᠵᠦ ᠪᠣᠢ ᠵᠠᠯᠠᠭᠤ ᠬᠦᠦ ᠶ᠋ᠢᠨ ᠡᠮᠦᠨ᠎ᠡ ᠠᠪᠠᠴᠢᠯ᠎ᠠ᠃ ᠵᠠᠯᠠᠭᠤ ᠶ᠋ᠢᠨ ᠴᠢᠷᠠᠢ ᠳ᠋ᠤ᠌ ᠶᠡᠬᠡ ᠯᠡ ᠰᠢᠨᠠᠯᠤᠭᠰᠠᠨ ᠰᠢᠨᠵᠢ ᠢᠯᠡᠷᠬᠡᠢ᠃ ᠳᠠᠭᠢᠨᠢ᠂ ᠡᠨᠡ ᠮᠢᠨᠦ ᠠᠬ᠎ᠠ ᠪᠠᠢᠭ᠎ᠠ ᠶᠤᠮ᠃ ᠰᠡᠭᠦᠯ ᠦ᠋ᠨ ᠬᠡᠳᠦᠨ ᠡᠳᠦᠷ ᠶᠡᠬᠡ ᠯᠡ ᠵᠣᠪᠠᠵᠤ ᠪᠠᠢᠨ᠎ᠠ ᠳ᠋ᠠ ᠭᠡᠵᠦ ᠬᠡᠯᠡᠭᠡᠳ᠂ ᠬᠥᠨᠵᠢᠯᠡ ᠶ᠋ᠢ ᠰᠡᠬᠦᠨ ᠬᠠᠷᠠᠭᠤᠯᠬᠤ ᠳ᠋ᠤ᠌ ᠬᠦᠦ ᠶ᠋ᠢᠨ ᠴᠡᠭᠡᠵᠢᠨ ᠪᠡᠶ᠎ᠡ ᠬᠥᠮᠦᠨ ᠰᠢᠭ᠌ ᠪᠣᠯᠪᠠᠴᠤ ᠪᠦᠰᠡᠯᠡᠭᠦᠷ ᠡᠴᠡ ᠳᠣᠷᠣᠭᠰᠢ ᠵᠢᠭᠠᠰᠤ ᠰᠢᠬ ᠬᠠᠢᠷᠰᠤ ᠲᠠᠢ ᠠᠵᠢ᠃ ᠭᠡᠲᠡᠯ᠎ᠡ ᠬᠦᠦ ᠶ᠋ᠢᠨ ᠥᠭᠡᠵᠡᠭ ᠳᠡᠭᠡᠷ᠎ᠡ ᠲᠡᠷᠭᠡᠯ ᠦ᠋ᠨ ᠭᠠᠵᠠᠷ ᠲᠤ᠌ ᠱᠠᠭᠠᠵᠤ ᠣᠷᠬᠢᠭᠰᠠᠨ ᠭᠠᠳᠠᠰᠤᠨ ᠤ᠋ ᠲᠣᠯᠣᠭᠠᠢ ᠴᠤᠬᠤᠢᠵᠤ ᠪᠠᠢᠬᠤ ᠨᠢ ᠦᠵᠡᠭᠳᠡᠪᠡ ᠭᠡᠨ᠎ᠡ᠃ ᠲᠡᠷᠭᠡᠯ ᠰᠣᠴᠢᠨ ᠠ᠋᠂ ᠶᠠᠭᠠᠬᠢᠳᠠᠭ ᠪᠢᠯᠡ᠂ ᠪᠢ ᠶᠠᠭᠤ ᠬᠢᠴᠢᠬᠡᠪᠡ? ᠣᠳᠣ ᠶᠠᠭᠠᠬᠢᠨ᠎ᠠ ᠭᠡᠮᠡᠨ ᠣᠬᠢᠯᠠᠭ᠎ᠠ ᠠᠯᠳᠠᠪᠠ᠃ ᠯᠤᠤᠰ ᠤ᠋ᠨ ᠬᠠᠭᠠᠨ᠂
— ᠴᠢᠨᠦ ᠪᠠᠯᠠᠭ ᠢ᠋ᠶ᠋ᠠᠷ ᠬᠦᠦ ᠮᠢᠨᠢ ᠡᠢᠮᠦ ᠪᠣᠯᠴᠢᠬᠠᠭᠠᠳ ᠰᠢᠨᠡᠯᠡᠵᠦ ᠪᠠᠢᠨ᠎ᠠ᠂ ᠯᠤᠤᠰ ᠤ᠋ᠨ ᠬᠠᠭᠠᠨ ᠪᠢ ᠬᠦᠴᠦ ᠴᠢᠳᠠᠯ ᠲᠠᠢ ᠪᠣᠯᠪᠠᠴᠤ ᠡᠭᠦᠨ ᠢ᠋ ᠠᠪᠴᠤ ᠳᠡᠢᠯᠬᠦ ᠦᠭᠡᠢ᠂ ᠡᠭᠦᠨ ᠢ᠋ ᠭᠠᠭᠴᠠᠬᠠᠨ ᠴᠢ ᠯᠡ ᠠᠪᠴᠤ ᠴᠢᠳᠠᠨ᠎ᠠ᠃ ᠡᠨᠡ ᠭᠠᠢ ᠲᠠᠢ ᠶᠠᠭᠤᠮ᠎ᠠ ᠪᠠᠨ ᠬᠦᠦ ᠶ᠋ᠢᠨ ᠪᠡᠶ᠎ᠡ ᠡᠴᠡ ᠠᠪᠴᠤ ᠥᠭ ᠭᠡᠯᠡ᠃ ᠬᠦᠦ ᠠᠪᠬᠤ ᠭᠡᠵᠦ ᠬᠡᠴᠢᠨᠡᠨ ᠲᠠᠲᠠᠭᠰᠠᠨ ᠪᠣᠯᠪᠠᠴᠤ ᠭᠠᠳᠠᠰᠤ ᠰᠤᠭᠤᠷᠠᠭᠰᠠᠨ ᠦᠭᠡᠢ᠂ ᠯᠤᠤᠰ ᠤ᠋ᠨ ᠬᠠᠭᠠᠨ ᠠᠭᠤᠷ ᠲᠠᠢ ᠪᠠᠷ᠂ ᠴᠢ ᠢᠩᠭᠢᠵᠦ ᠠᠪᠴᠤ ᠴᠢᠳᠠᠬᠤ ᠦᠭᠡᠢ᠂ ᠬᠠᠷᠢᠨ ᠴᠢ ᠭᠡᠷ ᠲᠡᠭᠡᠨ ᠪᠤᠴᠠᠵᠤ ᠬᠠᠷᠢ! ᠭᠣᠣᠯ ᠤ᠋ᠨ ᠡᠷᠭᠢ ᠳᠡᠭᠡᠷ᠎ᠡ ᠱᠠᠭᠠᠵᠤ ᠣᠷᠬᠢᠭᠰᠠᠨ ᠲᠡᠷᠡ ᠭᠠᠳᠠᠰᠤ ᠪᠠᠨ ᠡᠷᠢᠵᠦ ᠣᠯᠤᠭᠠᠳ ᠠᠪᠴᠤ ᠦᠵᠡ! ᠲᠡᠭᠡᠬᠦ ᠦᠭᠡᠢ ᠪᠣᠯ ᠴᠢᠨᠦ ᠪᠡᠶ᠎ᠡ ᠳᠡᠭᠡᠷ᠎ᠡ ᠬᠢ ᠬᠠᠲᠠᠭᠢ ᠴᠤ᠌ ᠢᠲᠡᠭᠡᠬᠦ ᠦᠭᠡᠢ᠂ ᠴᠢ ᠪᠠᠰᠠ ᠮᠢᠨᠦ ᠬᠦᠦ ᠰᠢᠭ᠌ ᠰᠢᠨᠠᠯᠤᠭᠰᠠᠭᠠᠷ ᠲᠩᠷᠢ ᠶ᠋ᠢᠨ ᠣᠷᠣᠨ ᠳ᠋ᠤ᠌ ᠣᠳᠬᠤ ᠪᠣᠯᠤᠨ᠎ᠠ ᠭᠡᠬᠦ ᠳ᠋ᠦ᠍᠂ ᠰᠠᠨᠳᠤᠷᠤᠭᠰᠠᠨ ᠬᠦᠦ ᠥᠷᠥᠰᠢᠶᠡ ᠬᠠᠭᠠᠨᠲᠠᠨ ᠮᠢᠨᠢ! ᠨᠠᠮ᠎ᠠ ᠶ᠋ᠢ ᠳᠠᠷᠤᠢᠬᠠᠨ ᠭᠡᠷ ᠲᠦ᠍ ᠨᠢ ᠪᠤᠴᠠᠭᠠᠨ᠎ᠠ ᠤᠤ? ᠪᠢ ᠲᠡᠷᠡ ᠭᠠᠳᠠᠰᠤ ᠶ᠋ᠢ ᠵᠠᠪᠠᠯ ᠣᠯᠵᠤ ᠰᠤᠭᠤᠯᠵᠤ ᠬᠡᠦᠬᠡᠳ ᠢ᠋ᠶ᠋ᠡᠨ ᠢᠲᠡᠭᠡᠬᠦ ᠪᠣᠯᠤᠨ᠎ᠠ᠃ ᠨᠠᠳᠠᠳᠤ ᠬᠡᠴᠡᠭᠦᠦ ᠪᠠᠢᠨ᠎ᠠ ᠭᠡᠵᠦ ᠬᠡᠯᠡᠪᠡ᠃
ᠬᠦᠦ ᠭᠡᠷ ᠲᠡᠭᠡᠨ ᠢᠷᠡᠬᠦ ᠳ᠋ᠦ᠍ ᠦᠷ ᠦ᠋ᠨ ᠰᠢᠷᠭᠠᠯ ᠲᠤᠶᠠᠭ᠎ᠠ ᠲᠣᠭᠣᠨᠣ ᠪᠠᠷ ᠲᠣᠰᠴᠤ ᠪᠠᠢᠯ᠎ᠠ᠃ ᠪᠡᠶ᠎ᠡ ᠶ᠋ᠢᠨ ᠬᠢᠨ ᠡᠪᠡᠳᠴᠢᠨ ᠴᠦ᠍ ᠪᠠᠭ᠎ᠠ ᠵᠡᠷᠭᠡ ᠠᠷᠢᠯᠤᠭᠰᠠᠨ ᠮᠡᠲᠦ᠃ ᠲᠡᠷᠡ ᠮᠣᠷᠢᠨ ᠳ᠋ᠤ᠌ ᠪᠠᠨ ᠮᠣᠷᠳᠠᠨ ᠭᠠᠳᠠᠰᠤ ᠱᠠᠭᠠᠵᠤ ᠣᠷᠬᠢᠭᠰᠠᠨ ᠭᠣᠣᠯ ᠤ᠋ᠨ ᠲᠣᠬᠣᠢ ᠵᠦᠭ ᠳᠠᠪᠬᠢᠪᠠ᠃ ᠲᠡᠷᠭᠡᠯ ᠬᠠᠯᠢᠭᠤᠷᠠᠨ ᠰᠢᠷᠭᠠᠯᠳᠠᠬᠤ ᠶᠡᠬᠡ ᠡᠪᠡᠰᠦᠨ ᠳᠤᠮᠳᠠ ᠬᠢᠴᠢᠶᠡᠩᠭᠦᠢᠯᠡᠨ ᠬᠠᠢᠭᠰᠠᠭᠠᠷ ᠨᠥᠭᠥᠭᠡ ᠭᠠᠳᠠᠰᠤ ᠶ᠋ᠢ ᠠᠷᠠᠢ ᠬᠡᠨ ᠣᠯᠵᠤ ᠰᠤᠭᠤᠯᠤᠨ ᠠᠪᠴᠤ ᠨᠦᠬᠡ ᠶ᠋ᠢ ᠨᠢ ᠰᠠᠢᠲᠤᠷ ᠪᠤᠯᠠᠯᠠ᠃
ᠲᠡᠭᠡᠭᠡᠳ ᠭᠠᠳᠠᠰᠤ ᠪᠠᠨ ᠪᠠᠷᠢᠭᠰᠠᠭᠠᠷ᠂ ᠤᠨᠤᠨ ᠤ᠋ ᠡᠷᠭᠢ ᠳᠡᠭᠡᠷ᠎ᠡ ᠢᠷᠡᠵᠦ᠂ ᠤᠰᠤᠨ ᠯᠤᠭ᠎ᠠ ᠬᠠᠷᠠᠵᠤ ᠬᠡᠰᠡᠭ ᠵᠣᠭᠰᠣᠬᠤ ᠳ᠋ᠤ᠌ ᠥᠷᠯᠥᠭᠡᠨ ᠦ᠌ ᠨᠠᠷᠠᠨ ᠤ᠋ ᠭᠡᠷᠡᠯ ᠭᠢᠯᠲᠠᠭᠠᠨᠠᠵᠤ ᠤᠷᠤᠰᠬᠠᠯ ᠳᠤᠮᠳᠠ ᠠ᠋ᠴᠠ ᠯᠤᠤᠰ ᠤ᠋ᠨ ᠬᠠᠭᠠᠨ ᠤ᠋ ᠬᠦᠦ ᠥᠬᠢᠨ ᠬᠣᠶᠠᠷ ᠤ᠋ᠨ ᠪᠠᠶᠠᠰᠬᠤᠯᠠᠩ ᠲᠠᠢ ᠴᠢᠷᠠᠢ ᠵᠢᠷᠢᠰᠬᠢᠨ ᠦᠵᠡᠭᠳᠡᠭᠡᠳ ᠵᠠᠮᠬᠠᠷᠠᠪᠠ ᠭᠡᠨ᠎ᠡ᠃
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
