ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ - 2026 .02 ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ - 2026 .02

ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ - 2026 .02

2026-03-07

200

ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ - 2026 .02

ᠬᠠᠮᠪᠤ ᠪᠯᠠᠮ᠎ᠠ ᠳ᠋ᠠᠮᠪᠠ ᠠᠶᠤᠰᠢᠶᠸᠪ/
     ᠢᠲᠡᠭᠡᠯᠲᠦ ᠬᠠᠮᠪᠤ ᠪᠯᠠᠮ᠎ᠠ ᠶ᠋ᠢᠨ ᠵᠠᠯᠪᠠᠷᠢᠯ
ᠰᠠᠢᠨ ᠴᠢᠮᠡᠭ ᠲᠡᠢ ᠯᠠᠭᠱᠠᠨ ᠤ᠋ ᠮᠠᠨᠳᠠᠯ ᠳᠡᠯᠭᠡᠷᠡᠭᠰᠡᠨ
ᠥᠯᠵᠡᠢ ᠲᠡᠢ ᠵᠠᠷᠯᠢᠭ ᠢ᠋ᠶ᠋ᠠᠷ ᠮᠠᠨ ᠤ᠋ ᠰᠡᠳᠬᠢᠯ ᠨᠣᠮᠣᠬᠠᠷᠠᠭᠰᠠᠨ
ᠸᠴᠢᠷ ᠮᠡᠲᠦ ᠭᠦᠨᠵᠡᠭᠡᠢ ᠲᠠᠭᠠᠯᠠᠯ ᠡᠷᠬᠡᠰᠢᠶᠡᠭᠰᠡᠨ
ᠢᠲᠡᠭᠡᠯᠲᠦ ᠬᠠᠮᠪᠤ ᠪᠯᠠᠮ᠎ᠠ ᠶ᠋ᠢᠨ ᠥᠯᠮᠡᠢ ᠳ᠋ᠦ᠍ ᠵᠠᠯᠪᠠᠷᠢᠨᠠᠮ
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ
2026.02.01
ᠮᠣᠭᠠᠢ ᠵᠢᠯ ᠂ ᠦᠬᠡᠷ ᠰᠠᠷ᠎ᠠ ᠶ᠋ᠢᠨ15 ᠤ᠋ ᠤᠯᠠᠭᠠᠨ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ᠄《 ᠬᠣᠭᠣᠰᠣᠨ ᠴᠢᠨᠠᠷ ᠲᠠᠨᠢᠬᠤ ᠶ᠋ᠢᠨ ᠲᠥᠯᠥᠭᠡ ᠡᠷᠳᠡᠮ ᠰᠤᠷᠭᠠᠯ ᠬᠡᠷᠡᠭᠲᠡᠢ 》ᠭᠡᠨ᠎ᠡ ᠃ ᠢᠲᠡᠭᠡᠯᠲᠦ ᠪᠠᠭᠰᠢ ᠄《 ᠬᠣᠭᠣᠰᠣᠨ ᠴᠢᠨᠠᠷ ᠠᠳᠠ ᠦᠭᠡᠢ ᠶᠢᠷᠲᠢᠨᠴᠦ ᠶ᠋ᠢᠨ ᠭᠠᠳᠠᠭᠤᠷ ᠪᠠᠢᠬᠤ 》ᠭᠡᠮᠡᠨ ᠠᠢᠯᠠᠳᠤᠯ᠎ᠠ᠃    
2026.02.02
ᠮᠣᠭᠠᠢ ᠵᠢᠯ ᠂ ᠦᠬᠡᠷ ᠰᠠᠷ᠎ᠠ ᠶ᠋ᠢᠨ16 ᠤ᠋ ᠤᠯᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠄《 ᠡᠪᠡᠳᠴᠢᠨ ᠲᠡᠢ ᠬᠥᠮᠦᠨ ᠪᠢᠯᠢᠭ ᠲᠡᠢ ᠪᠣᠯᠬᠤ ᠠᠷᠭ᠎ᠠ ᠦᠭᠡᠢ 》ᠭᠡᠨ᠎ᠡ ᠃ ᠢᠲᠡᠭᠡᠯᠲᠦ ᠪᠠᠭᠰᠢ ᠄《 ᠪᠡᠶ᠎ᠡ ᠪᠡᠨ ᠮᠡᠳᠡᠭᠰᠡᠨ ᠬᠥᠮᠦᠨ ᠣᠷᠴᠢᠯᠠᠩ ᠢ ᠭᠡᠷᠡᠯᠲᠦᠭᠦᠯᠬᠦ 》ᠭᠡᠮᠡᠨ ᠠᠢᠯᠠᠳᠤᠯ᠎ᠠ᠃
2026.02.03
ᠮᠣᠭᠠᠢ ᠵᠢᠯ ᠂ ᠦᠬᠡᠷ ᠰᠠᠷ᠎ᠠ ᠶ᠋ᠢᠨ17 ᠤ᠋ ᠰᠢᠷ᠎ᠠ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠰᠠᠨᠰᠠᠷ ᠠ᠋ᠴᠠ ᠭᠡᠲᠦᠯᠬᠦ ᠶ᠋ᠢᠨ ᠢᠷᠦᠭᠡᠯ ᠲᠠᠯᠪᠢᠵᠤ ᠪᠠᠢᠨ᠎ᠠ ᠃ ᠢᠲᠡᠭᠡᠯᠲᠦ ᠪᠠᠭᠰᠢ ᠄《 ᠶᠢᠷᠲᠢᠨᠴᠦ ᠶ᠋ᠢ ᠭᠡᠷᠡᠯᠲᠦᠭᠦᠯᠬᠦ ᠶ᠋ᠢᠨ ᠲᠥᠯᠥᠭᠡ ᠴᠢᠳᠠᠯ ᠬᠡᠷᠡᠭᠲᠡᠢ 》ᠭᠡᠮᠡᠨ ᠠᠢᠯᠠᠳᠤᠯ᠎ᠠ᠃
2026.02.04
ᠮᠣᠭᠠᠢ ᠵᠢᠯ ᠂ ᠦᠬᠡᠷ ᠰᠠᠷ᠎ᠠ ᠶ᠋ᠢᠨ18 ᠤ᠋ ᠰᠢᠷᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠡᠷᠳᠡᠮᠲᠡᠳ ᠦ᠋ᠨ ᠤᠬᠠᠭᠠᠨ ᠲᠣᠳᠣ ᠭᠡᠷᠡᠯ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄《 ᠤᠬᠠᠭᠠᠨ ᠤ᠋ ᠴᠠᠭᠠᠨ᠎ᠠ ᠮᠥᠨ ᠴᠢᠨᠠᠷ ᠨᠢ ᠰᠡᠳᠬᠢᠯ ᠦ᠋ᠨ ᠨᠢᠷᠸᠠᠨ 》ᠭᠡᠮᠡᠨ ᠠᠢᠯᠠᠳᠤᠯ᠎ᠠ᠃
2026.02.05
ᠮᠣᠭᠠᠢ ᠵᠢᠯ ᠂ ᠦᠬᠡᠷ ᠰᠠᠷ᠎ᠠ ᠶ᠋ᠢᠨ19 ᠦ᠌ ᠴᠠᠭᠠᠨ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ᠄《 ᠪᠡᠯᠭᠡ ᠪᠢᠯᠢᠭ ᠲᠡᠯᠭᠡᠷᠡᠭᠦᠯᠦᠭᠲᠢ 》ᠭᠡᠨ᠎ᠡ ᠃ ᠢᠲᠡᠭᠡᠯᠲᠦ ᠪᠠᠭᠰᠢ ᠄《 ᠰᠤᠳᠤᠷ ᠲᠠᠷᠨᠢ ᠶ᠋ᠢ ᠳᠡᠯᠭᠡᠷᠡᠭᠦᠯᠬᠦ ᠶ᠋ᠢᠨ ᠲᠥᠯᠥᠭᠡ ᠥᠪᠡᠷ ᠦ᠋ᠨ ᠬᠣᠲᠠ ᠮᠠᠨᠳᠠᠯ ᠲᠠᠢ ᠪᠠᠢᠬᠤ ᠬᠡᠷᠡᠭᠲᠡᠢ 》ᠭᠡᠮᠡᠨ ᠠᠢᠯᠠᠳᠤᠯ᠎ᠠ᠃
2026.02.06
ᠮᠣᠭᠠᠢ ᠵᠢᠯ ᠂ ᠦᠬᠡᠷ ᠰᠠᠷ᠎ᠠ ᠶ᠋ᠢᠨ20 ᠤ᠋ ᠴᠠᠭᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠡᠷᠡᠭᠦᠯ ᠡᠩᠬᠡ ᠶ᠋ᠢ ᠬᠦᠰᠡᠨ᠎ᠡ ᠃ ᠢᠲᠡᠭᠡᠯᠲᠦ ᠪᠠᠭᠰᠢ ᠄ 《 ᠭᠤᠷᠪᠠᠨ ᠬᠣᠣᠷ ᠢ᠋ ᠡᠨᠡᠷᠢᠬᠦᠢ ᠰᠡᠳᠬᠢᠯ ᠢ᠋ᠶ᠋ᠡᠷ ᠠᠷᠭᠠᠯᠠᠬᠤ 》ᠭᠡᠮᠡᠨ ᠠᠢᠯᠠᠳᠤᠯ᠎ᠠ᠃
2026.02.07
ᠮᠣᠭᠠᠢ ᠵᠢᠯ ᠂ ᠦᠬᠡᠷ ᠰᠠᠷ᠎ᠠ ᠶ᠋ᠢᠨ21 ᠦ᠌ ᠬᠠᠷ᠎ᠠ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠵᠣᠪᠠᠯᠠᠩ ᠦᠭᠡᠢ ᠪᠠᠢᠬᠤ ᠶ᠋ᠢ ᠬᠦᠰᠡᠨ᠎ᠡ ᠃ ᠢᠲᠡᠭᠡᠯᠲᠦ ᠪᠠᠭᠰᠢ ᠄《 ᠰᠡᠳᠬᠢᠯ ᠳᠣᠲᠣᠷ᠎ᠠ ᠠᠮᠤᠭᠤᠯᠠᠩ 5 ᠴᠣᠭᠴᠠᠰ ᠲᠤ᠌ ᠵᠣᠪᠠᠯᠠᠩ 》 ᠭᠡᠮᠡᠨ ᠠᠢᠯᠠᠳᠤᠯ᠎ᠠ᠃
2026.02.08
ᠮᠣᠭᠠᠢ ᠵᠢᠯ ᠂ ᠦᠬᠡᠷ ᠰᠠᠷ᠎ᠠ ᠶ᠋ᠢᠨ22 ᠊ᠤᠨ ᠬᠠᠷᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
  《ᠣᠮ ᠰᠠᠢᠨ ᠠᠮᠤᠭᠤᠯᠠᠩ ᠪᠣᠯᠲᠤᠭᠠᠢ! 》ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄《 ᠪᠠᠯᠴᠢᠭ ᠠ᠋ᠴᠠ ᠯᠢᠩᠬᠤ᠎ᠠ ᠤᠷᠭᠤᠭᠤᠯᠤᠭᠠᠳ ᠳᠡᠭᠡᠳᠦ ᠰᠤᠳᠤᠷ ᠤ᠋ᠨ ᠬᠦᠴᠦ ᠴᠢᠳᠠᠯ ᠳᠡᠯᠭᠡᠷᠡᠭᠦᠯᠦᠭᠡ》ᠭᠡᠮᠡᠨ ᠠᠢᠯᠠᠳᠤᠯ᠎ᠠ᠃
2026.02.09
ᠮᠣᠭᠠᠢ ᠵᠢᠯ ᠂ ᠦᠬᠡᠷ ᠰᠠᠷ᠎ᠠ ᠶ᠋ᠢᠨ23 ᠤ᠋ ᠬᠥᠬᠡ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠯᠠᠮᠠ ᠪᠦᠲᠦᠭᠡᠯ ᠳ᠋ᠦ᠍ ᠣᠷᠣᠬᠤ ᠶ᠋ᠢ ᠬᠦᠰᠡᠨ᠎ᠡ᠃ ᠢᠲᠡᠭᠡᠯᠲᠦ ᠪᠠᠭᠰᠢ ᠄《 ᠸᠴᠢᠷ ᠭᠦᠨᠵᠡᠭᠡᠢ ᠰᠡᠳᠬᠢᠯ ᠡᠷᠬᠡᠰᠢᠶᠡᠭᠰᠡᠨ ᠲᠤᠯᠠ ᠦᠨᠳᠦᠰᠦᠨ ᠪᠠᠭᠰᠢ ᠶ᠋ᠢᠨ ᠲᠠᠷᠨᠢ ᠪᠦᠲᠦᠭᠡ 》ᠭᠡᠮᠡᠨ ᠠᠢᠯᠠᠳᠤᠯ᠎ᠠ᠃
2026.02.10
ᠮᠣᠭᠠᠢ ᠵᠢᠯ ᠂ ᠦᠬᠡᠷ ᠰᠠᠷ᠎ᠠ ᠶ᠋ᠢᠨ24 ᠦ᠌ ᠬᠥᠬᠡᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠮᠡᠨᠳᠦᠯᠡᠭᠰᠡᠨ ᠨᠤᠲᠤᠭ ᠢ᠋ᠶ᠋ᠠᠨ ᠨᠠᠢᠯᠵᠠᠭᠤᠷ ᠮᠣᠳᠣ ᠮᠡᠲᠦ ᠪᠡᠷᠢ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄ 《 ᠯᠠᠭᠱᠠᠨ ᠵᠠᠷᠯᠢᠭ ᠲᠠᠭᠠᠯᠠᠯ ᠪᠣᠯᠤᠨ ᠰᠢᠳᠢ ᠪᠦᠲᠦᠭᠡᠯ ᠬᠠᠢᠷᠠᠯᠠ》ᠭᠡᠮᠡᠨ ᠠᠢᠯᠠᠳᠤᠯ᠎ᠠ᠃
2026.02.11
ᠮᠣᠭᠠᠢ ᠵᠢᠯ ᠂ ᠦᠬᠡᠷ ᠰᠠᠷ᠎ᠠ ᠶ᠋ᠢᠨ24 ᠦ᠌ ᠤᠯᠠᠭᠠᠨ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ᠄《 ᠮᠤᠩᠬᠠᠭ ᠢ ᠳᠠᠷᠤᠭᠠᠳ ᠪᠡᠯᠭᠡ ᠪᠢᠯᠢᠭ ᠲᠡᠯᠭᠡᠷᠡᠭᠦᠯᠦᠭᠲᠢ 》ᠭᠡᠨ᠎ᠡ᠃ ᠢᠲᠡᠭᠡᠯᠲᠦ ᠪᠠᠭᠰᠢ ᠄《 ᠲᠠᠷᠨᠢ ᠳ᠋ᠤ᠌ ᠬᠣᠭᠣᠰᠣᠨ ᠴᠢᠨᠠᠷ ᠤ᠋ᠨ ᠪᠡᠯᠭᠡ ᠪᠢᠯᠢᠭ 》ᠭᠡᠮᠡᠨ ᠠᠢᠯᠠᠳᠤᠯ᠎ᠠ᠃
2026.02.12
ᠮᠣᠭᠠᠢ ᠵᠢᠯ ᠂ ᠦᠬᠡᠷ ᠰᠠᠷ᠎ᠠ ᠶ᠋ᠢᠨ25 ᠤ᠋ ᠤᠯᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠣᠶᠤᠨ  ᠤᠬᠠᠭᠠᠨ ᠢ ᠲᠡᠭᠦᠰ ᠲᠦ᠍ ᠬᠦᠷᠭᠡᠭᠰᠡᠨ ᠬᠥᠮᠦᠨ ᠳ᠋ᠦ᠍ ᠢᠲᠡᠭᠡᠯᠲᠦ ᠪᠠᠭᠰᠢ ᠄《 ᠪᠢᠯᠢᠭ ᠦ᠋ᠨ ᠴᠢᠨᠠᠳᠤ ᠬᠦᠷᠬᠦ ᠶ᠋ᠢᠨ ᠲᠥᠯᠥᠭᠡ ᠪᠡᠯᠭᠡ ᠪᠢᠯᠢᠭ ᠬᠡᠷᠡᠭᠲᠡᠢ 》ᠭᠡᠮᠡᠨ ᠠᠢᠯᠠᠳᠤᠯ᠎ᠠ᠃
2026.02.13
ᠮᠣᠭᠠᠢ ᠵᠢᠯ ᠂ ᠦᠬᠡᠷ ᠰᠠᠷ᠎ᠠ ᠶ᠋ᠢᠨ26 ᠤ᠋ ᠰᠢᠷ᠎ᠠ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠠᠷᠢᠭᠤᠨ ᠰᠠᠨᠸᠠᠷ ᠲᠠᠢ ᠳ᠋ᠤ᠌ ᠢᠲᠡᠭᠡᠯᠲᠦ ᠪᠠᠭᠰᠢ ᠄《 ᠳᠦᠷᠰᠦ ᠲᠡᠢ ᠣᠷᠣᠨ ᠤ᠋ ᠪᠡᠯᠭᠡ ᠪᠢᠯᠢᠭ ᠲᠡᠯᠭᠡᠷᠡᠭᠦᠯᠦᠭᠲᠢ 》ᠭᠡᠮᠡᠨ ᠠᠢᠯᠠᠳᠤᠯ᠎ᠠ᠃
2026.02.14
ᠮᠣᠭᠠᠢ ᠵᠢᠯ ᠂ ᠦᠬᠡᠷ ᠰᠠᠷ᠎ᠠ ᠶ᠋ᠢᠨ27 ᠤ᠋ ᠰᠢᠷᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠢᠳᠢ ᠰᠢᠳᠢ ᠲᠤᠬᠠᠢ ᠪᠣᠳᠣᠳᠠᠭ ᠬᠥᠮᠦᠨ ᠳ᠋ᠦ᠍ ᠢᠲᠡᠭᠡᠯᠲᠦ ᠪᠠᠭᠰᠢ ᠄ 《 ᠢᠳᠢ ᠶ᠋ᠢᠨ ᠬᠤᠪᠢ ᠳ᠋ᠤ᠌ ᠰᠠᠬᠢᠯ ᠰᠠᠨᠸᠠᠷ ᠰᠢᠳᠢ ᠶ᠋ᠢᠨ ᠬᠤᠪᠢ ᠳ᠋ᠤ᠌ ᠲᠠᠩᠭᠠᠷᠢᠭ 》ᠭᠡᠮᠡᠨ ᠠᠢᠯᠠᠳᠤᠯ᠎ᠠ᠃
2026.02.15
ᠮᠣᠭᠠᠢ ᠵᠢᠯ ᠂ ᠦᠬᠡᠷ ᠰᠠᠷ᠎ᠠ ᠶ᠋ᠢᠨ28 ᠤ᠋ ᠴᠠᠭᠠᠨ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠵᠣᠪᠠᠯᠠᠩ ᠠ᠋ᠴᠠ ᠬᠠᠭᠠᠴᠠᠬᠤ ᠶ᠋ᠢ ᠬᠦᠰᠡᠨ᠎ᠡ ᠃ ᠢᠲᠡᠭᠡᠯᠲᠦ ᠪᠠᠭᠰᠢ ᠄ 《 ᠵᠣᠪᠠᠯᠠᠩ ᠤ᠋ᠨ ᠣᠷᠣᠨ ᠳ᠋ᠤ᠌ ᠤᠤ ᠠᠮᠤᠭᠤᠯᠠᠩ ᠤ᠋ᠨ ᠣᠷᠣᠨ ᠳ᠋ᠤ᠌ ᠪᠠᠢᠨ᠎ᠠ ᠤᠤ ᠠᠭᠠᠵᠢᠮ ᠱᠠᠲᠤ ᠱᠠᠲᠤ ᠪᠠᠷ ᠳᠡᠭᠡᠭᠰᠢ ᠪᠡᠨ ᠳᠠᠮᠵᠢᠬᠤ ᠠ᠋ᠴᠠ ᠥᠭᠡᠷ᠎ᠡ ᠶᠠᠭᠤᠮ᠎ᠠ ᠠᠯᠠᠭ᠎ᠠ 》ᠭᠡᠮᠡᠨ ᠠᠢᠯᠠᠳᠤᠯ᠎ᠠ᠃
2026.02.16
ᠮᠣᠭᠠᠢ ᠵᠢᠯ ᠂ ᠦᠬᠡᠷ ᠰᠠᠷ᠎ᠠ ᠶ᠋ᠢᠨ29 ᠦ᠌ ᠴᠠᠭᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ᠄《ᠡᠬᠡ ᠲᠡᠭᠦᠨ ᠳ᠋ᠦ᠍ᠷ ᠮᠥᠷᠭᠥᠮᠦᠢ 》 ᠭᠡᠵᠦ ᠰᠥᠭᠥᠳᠦᠮᠦᠢ ᠃ ᠢᠲᠡᠭᠡᠯᠲᠦ ᠪᠠᠭᠰᠢ ᠄《 ᠠ ᠦᠵᠦᠭ ᠬᠠᠮᠤᠭ ᠪᠠᠢᠬᠤ ᠶᠠᠭᠤᠮ᠎ᠠ ᠶ᠋ᠢᠨ ᠡᠬᠡ 》ᠭᠡᠮᠡᠨ ᠠᠢᠯᠠᠳᠤᠯ᠎ᠠ᠃
2026.02.17
ᠮᠣᠭᠠᠢ ᠵᠢᠯ ᠂ ᠦᠬᠡᠷ ᠰᠠᠷ᠎ᠠ ᠶ᠋ᠢᠨ30 ᠤ᠋ ᠬᠠᠷ᠎ᠠ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠄《 ᠪᠡᠶ᠎ᠡ ᠳ᠋ᠦ᠍ ᠪᠡᠨ ᠭᠠᠮᠲᠠᠢ ᠬᠥᠮᠦᠨ ᠪᠡᠶ᠎ᠡ ᠶ᠋ᠢᠨ ᠵᠣᠪᠠᠯᠠᠩ ᠡᠳ᠋ᠯᠡᠨ᠎ᠡ 》ᠭᠡᠨ᠎ᠡ ᠃ ᠢᠲᠡᠭᠡᠯᠲᠦ ᠪᠠᠭᠰᠢ ᠄ 《 ᠠᠷᠢᠭᠤᠨ ᠴᠠᠭᠠᠨ ᠰᠡᠳᠬᠢᠯ ᠲᠡᠮᠵᠢᠭᠲᠢ ᠂ᠰᠡᠳᠬᠢᠯ ᠳ᠋ᠦ᠍ ᠵᠣᠪᠠᠯᠠᠩ ᠭᠡᠵᠦ ᠪᠠᠢᠳᠠᠭ ᠦᠭᠡᠢ ᠤᠴᠢᠷ ᠠ᠋ᠴᠠ 》ᠭᠡᠮᠡᠨ ᠠᠢᠯᠠᠳᠤᠯ᠎ᠠ᠃
2026.02.18
ᠮᠣᠷᠢ ᠵᠢᠯ ᠂ ᠪᠠᠷᠰ ᠰᠠᠷ᠎ᠠ ᠶ᠋ᠢᠨ1 ᠦ᠌ ᠬᠠᠷᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠶᠡᠬᠡ ᠪᠠᠶᠠᠷ ᠣᠷᠣᠭᠠᠳ ᠪᠠᠢᠨ᠎ᠠ ᠃ᠢᠲᠡᠭᠡᠯᠲᠦ ᠪᠠᠭᠰᠢ ᠄ 《 ᠪᠦᠭᠦᠳᠡ ᠶ᠋ᠢ ᠵᠣᠬᠢᠯᠳᠤᠭᠤᠯᠤᠭᠴᠢ ᠰᠢᠲᠦᠨ ᠪᠠᠷᠢᠯᠳᠤᠯᠭ᠎ᠠ ᠲᠠᠢ ᠰᠦᠨᠡᠰᠦ 》ᠭᠡᠮᠡᠨ ᠠᠢᠯᠠᠳᠤᠯ᠎ᠠ᠃
2026.02.19
ᠮᠣᠷᠢ ᠵᠢᠯ ᠂ ᠪᠠᠷᠰ ᠰᠠᠷ᠎ᠠ ᠶ᠋ᠢᠨ2 ᠊ᠤᠨ ᠬᠥᠬᠡ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠦ᠌ ᠰᠡᠳᠬᠢᠯ ᠮᠡᠳᠡᠷᠡᠮᠵᠢ ᠲᠡᠢ ᠪᠣᠯᠤᠭᠠᠳ ᠪᠠᠢᠨ᠎ᠠ ᠃ ᠢᠲᠡᠭᠡᠯᠲᠦ ᠪᠠᠭᠰᠢ ᠄《 ᠭᠤᠷᠪᠠᠨ ᠣᠷᠣᠨ ᠳ᠋ᠤ᠌ ᠨᠣᠮ ᠤ᠋ᠨ ᠬᠦᠷᠳᠦ ᠡᠷᠭᠢᠭᠦᠯᠬᠦ 》ᠭᠡᠮᠡᠨ ᠠᠢᠯᠠᠳᠤᠯ᠎ᠠ᠃
2026.02.20
ᠮᠣᠷᠢ ᠵᠢᠯ ᠂ ᠪᠠᠷᠰ ᠰᠠᠷ᠎ᠠ ᠶ᠋ᠢᠨ3 ᠤ᠋ ᠬᠥᠬᠡᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠄《 ᠨᠢᠰᠸᠠᠨᠢᠰ ᠤ᠋ᠨ ᠡᠷᠬᠡ ᠪᠡᠷ ᠣᠶᠤᠨ ᠤᠬᠠᠭᠠᠨ ᠡᠷᠭᠢᠨ᠎ᠡ 》ᠭᠡᠨ᠎ᠡ ᠃ ᠢᠲᠡᠭᠡᠯᠲᠦ ᠪᠠᠭᠰᠢ ᠄《 ᠪᠢᠯᠢᠭ ᠦ᠋ᠨ ᠴᠢᠨᠠᠳᠤ ᠬᠦᠷᠬᠦ ᠶ᠋ᠢᠨ ᠲᠥᠯᠥᠭᠡ ᠪᠡᠯᠭᠡ ᠪᠢᠯᠢᠭ ᠲᠤᠬᠠᠢ ᠪᠢᠰᠢᠯᠭᠠᠯ ᠦᠢᠯᠡᠳ 》 ᠭᠡᠮᠡᠨ ᠠᠢᠯᠠᠳᠤᠯ᠎ᠠ᠃
2026.02.21
ᠮᠣᠷᠢ ᠵᠢᠯ ᠂ ᠪᠠᠷᠰ ᠰᠠᠷ᠎ᠠ ᠶ᠋ᠢᠨ4 ᠦ᠌ ᠤᠯᠠᠭᠠᠨ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠲᠣᠳᠣ ᠭᠡᠷᠡᠯ ᠪᠠᠷᠢᠭᠰᠠᠨ ᠬᠥᠮᠦᠨ ᠳ᠋ᠦ᠍ ᠢᠲᠡᠭᠡᠯᠲᠦ ᠪᠠᠭᠰᠢ ᠄ 《 ᠬᠣᠭᠣᠰᠣᠨ ᠴᠢᠨᠠᠷ ᠠᠳᠠ ᠦᠭᠡᠢ ᠳᠣᠲᠣᠭᠠᠳᠤ ᠶᠢᠷᠲᠢᠨᠴᠦ ᠳ᠋ᠦ᠍ ᠪᠠᠢᠬᠤ》ᠭᠡᠮᠡᠨ ᠠᠢᠯᠠᠳᠤᠯ᠎ᠠ᠃
2026.02.22
ᠮᠣᠷᠢ ᠵᠢᠯ ᠂ ᠪᠠᠷᠰ ᠰᠠᠷ᠎ᠠ ᠶ᠋ᠢᠨ5 ᠤ᠋ ᠤᠯᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠰᠡᠷᠡᠮᠵᠢ ᠶ᠋ᠢᠨ ᠰᠢᠨᠵᠢ ᠣᠷᠣᠭᠰᠠᠨ ᠬᠥᠮᠦᠨ ᠳ᠋ᠦ᠍ ᠢᠲᠡᠭᠡᠯᠲᠦ ᠪᠠᠭᠰᠢ ᠄ 《 ᠬᠣᠭᠣᠰᠣᠨ ᠴᠢᠨᠠᠷ ᠤ᠋ᠨ ᠦᠨᠳᠦᠰᠦ ᠨᠢ ᠰᠠᠢᠨ ᠦᠢᠯᠡ 》ᠭᠡᠮᠡᠨ ᠠᠢᠯᠠᠳᠤᠯ᠎ᠠ᠃
2026.02.23
ᠮᠣᠷᠢ ᠵᠢᠯ ᠂ ᠪᠠᠷᠰ ᠰᠠᠷ᠎ᠠ ᠶ᠋ᠢᠨ6 ᠤ᠋ ᠰᠢᠷ᠎ᠠ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠄ 《 ᠣᠷᠴᠢᠯᠠᠩ ᠤ᠋ᠨ ᠦᠨᠡᠨ ᠣᠶᠤᠨ ᠤᠬᠠᠭᠠᠨ ᠮᠥᠨ 》 ᠭᠡᠨ᠎ᠡ ᠃ ᠢᠲᠡᠭᠡᠯᠲᠦ ᠪᠠᠭᠰᠢ ᠄《 ᠤᠷᠭᠤᠭᠰᠠᠨ ᠯᠢᠩᠬᠤ᠎ᠠ ᠦᠨᠡᠨ ᠨᠢᠷᠸᠠᠨ 》ᠭᠡᠮᠡᠨ ᠠᠢᠯᠠᠳᠤᠯ᠎ᠠ᠃
2026.02.24
ᠮᠣᠷᠢ ᠵᠢᠯ ᠂ ᠪᠠᠷᠰ ᠰᠠᠷ᠎ᠠ ᠶ᠋ᠢᠨ7 ᠤ᠋ ᠰᠢᠷᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠮᠥᠩᠬᠡ ᠴᠢᠨᠠᠷ ᠬᠠᠮᠢᠭ᠎ᠠ ᠴᠤ᠌ ᠦᠭᠡᠢ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄ 《 ᠡᠳᠦᠷ ᠪᠦᠬᠦᠨ ᠳ᠋ᠦ᠍ ᠦᠬᠦᠯ ᠮᠥᠩᠬᠡ ᠪᠤᠰᠤ ᠶ᠋ᠢ ᠪᠢᠰᠢᠯᠬ᠋ᠠᠬᠲᠢ 》ᠭᠡᠮᠡᠨ ᠠᠢᠯᠠᠳᠤᠯ᠎ᠠ᠃
2026.02.25
ᠮᠣᠷᠢ ᠵᠢᠯ ᠂ ᠪᠠᠷᠰ ᠰᠠᠷ᠎ᠠ ᠶ᠋ᠢᠨ9 ᠦ᠌ ᠴᠠᠭᠠᠨ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠮᠥᠷᠭᠥᠵᠦ ᠶᠠᠪᠤᠭᠰᠠᠨ ᠬᠥᠮᠦᠨ ᠳ᠋ᠦ᠍ ᠢᠲᠡᠭᠡᠯᠲᠦ ᠪᠠᠭᠰᠢ ᠄ 《ᠰᠠᠢᠨ ᠦᠢᠯᠡ ᠶ᠋ᠢᠨ ᠡᠷᠬᠡ ᠴᠢᠯᠥᠭᠡ ᠰᠠᠢᠵᠢᠷᠠᠬᠤ ᠳ᠋ᠤ᠌ ᠰᠠᠨᠠᠭᠰᠠᠨ ᠬᠡᠷᠡᠭ ᠪᠦᠲᠦᠬᠦ 》ᠭᠡᠮᠡᠨ ᠠᠢᠯᠠᠳᠤᠯ᠎ᠠ᠃
2026.02.26
ᠮᠣᠷᠢ ᠵᠢᠯ ᠂ ᠪᠠᠷᠰ ᠰᠠᠷ᠎ᠠ ᠶ᠋ᠢᠨ10 ᠤ᠋ ᠴᠠᠭᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠯᠠᠭᠱᠠᠨ ᠵᠠᠷᠯᠢᠭ ᠲᠠᠭᠠᠯᠠᠯ ᠤ᠋ᠨ ᠰᠢᠳᠢ ᠪᠦᠲᠦᠭᠡᠯ ᠣᠷᠣᠭᠰᠠᠨ ᠬᠥᠮᠦᠨ ᠳ᠋ᠦ᠍ ᠢᠲᠡᠭᠡᠯᠲᠦ ᠪᠠᠭᠰᠢ ᠄ 《 ᠠᠮᠢ ᠭᠣᠣᠯ ᠠᠷᠢᠭᠤᠨ ᠪᠠᠷᠢᠬᠤ ᠪᠣᠯ ᠪᠢᠯᠢᠭ ᠦ᠋ᠨ ᠴᠢᠨᠠᠳᠤ ᠬᠦᠷᠦᠨ᠎ᠡ 》ᠭᠡᠮᠡᠨ ᠠᠢᠯᠠᠳᠤᠯ᠎ᠠ᠃
2026.02.27
ᠮᠣᠷᠢ ᠵᠢᠯ ᠂ ᠪᠠᠷᠰ ᠰᠠᠷ᠎ᠠ ᠶ᠋ᠢᠨ11 ᠦ᠌ ᠬᠠᠷ᠎ᠠ ᠪᠡᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠨᠢᠭᠡ ᠬᠥᠮᠦᠨ ᠢᠯᠴᠢ ᠭᠡᠷᠡᠯ ᠦᠵᠡᠭᠦᠯᠦᠭᠡᠳ ᠄ 《ᠪᠠᠭᠰᠢ ᠶ᠋ᠢᠨ ᠰᠢᠳᠢ ᠴᠢᠳᠠᠯ 》ᠭᠡᠨ᠎ᠡ ᠃ ᠢᠲᠡᠭᠡᠯᠲᠦ ᠪᠠᠭᠰᠢ ᠄《 ᠸᠴᠢᠷᠳᠠᠷ᠎ᠠ ᠪᠯᠠᠮ᠎ᠠ ᠪᠠᠷ ᠳᠠᠮᠵᠢᠭᠠᠳ ᠶᠡᠬᠡ ᠠᠮᠤᠭᠤᠯᠠᠩ ᠤ᠋ᠨ ᠪᠡᠯᠭᠡ ᠪᠢᠯᠢᠭ 》ᠭᠡᠮᠡᠨ ᠠᠢᠯᠠᠳᠤᠯ᠎ᠠ᠃
2026.02.28
ᠮᠣᠷᠢ ᠵᠢᠯ ᠂ ᠪᠠᠷᠰ ᠰᠠᠷ᠎ᠠ ᠶ᠋ᠢᠨ12 ᠊ᠤᠨ ᠬᠠᠷᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
     ᠰᠤᠳᠤᠷ ᠤ᠋ᠨ ᠭᠦᠨ ᠤᠬᠠᠭᠠᠨ ᠳᠡᠯᠭᠡᠷᠡᠭᠦᠯᠦᠭᠰᠡᠨ ᠬᠥᠮᠦᠨ ᠳ᠋ᠦ᠍ ᠢᠲᠡᠭᠡᠯᠲᠦ ᠪᠠᠭᠰᠢ ᠄《 ᠬᠣᠭᠣᠰᠣᠨ ᠴᠢᠨᠠᠷ ᠤ᠋ᠨ ᠣᠷᠣᠨ ᠳ᠋ᠤ᠌ ᠨᠢᠭᠤᠴᠠ ᠲᠠᠷᠨᠢ ᠳᠡᠯᠭᠡᠷᠡᠭᠦᠯ 》ᠭᠡᠮᠡᠨ ᠠᠢᠯᠠᠳᠤᠯ᠎ᠠ᠃
     ᠢᠷᠡᠯᠲᠡ᠄ ᠢᠪᠠᠯᠭ᠎ᠠ ᠶ᠋ᠢᠨ ᠳ᠋ᠠᠼᠠᠩ 《 ᠬᠠᠮᠪᠤ ᠶ᠋ᠢᠨ ᠬᠦᠷᠢᠶ᠎ᠡ》

     ᠦᠰᠦᠭ ᠠᠮᠢᠯᠠᠭᠤᠯᠤᠭᠴᠢ᠄ ᠠᠯᠲᠠᠨᠨᠠᠪᠴᠢ
     ᠬᠢᠨᠠᠭᠴᠢ᠄ ᠣᠳᠬᠠᠨᠰᠣ᠎ᠠ