ᠮᠠᠯᠴᠢᠨ ᠪᠦᠰᠡᠭᠦᠢ -ᠭᠦᠩᠭᠠᠷMalchin büsgüi- GüngarМалчин бүсгүй- Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ ᠪᠦᠰᠡᠭᠦᠢ -ᠭᠦᠩᠭᠠᠷMalchin büsgüi- GüngarМалчин бүсгүй- Гүнгар

ᠮᠠᠯᠴᠢᠨ ᠪᠦᠰᠡᠭᠦᠢ -ᠭᠦᠩᠭᠠᠷMalchin büsgüi- GüngarМалчин бүсгүй- Гүнгар

2026-03-06

3353

ᠮᠠᠯᠴᠢᠨ ᠪᠦᠰᠡᠭᠦᠢ


           ᠵᠣᠬᠢᠶᠠᠭᠴᠢ᠄ ᠭᠦᠩᠭᠠᠷ 
           ᠤᠶᠠᠩᠭᠠᠯᠠᠭᠴᠢ᠄ ᠤᠷᠠᠨᠲᠠᠨ᠎ᠠ 

ᠮᠠᠯᠴᠢᠨ ᠪᠦᠰᠡᠭᠦᠢ ᠪᠢ —
ᠬᠢᠴᠡ ᠭᠣᠶᠣᠬᠠᠨ ᠮᠣᠩᠭᠣᠯ ᠭᠡᠷ ᠢ᠋ᠶ᠋ᠡᠨ 
   ᠰᠡᠳᠬᠢᠯ ᠢ᠋ᠶ᠋ᠡᠷ ᠳᠤᠯᠠᠭᠠᠯᠠᠬᠤ ᠢᠯᠴᠢ ᠲᠡᠢ ᠪᠢ 
ᠭᠢᠰᠬᠢᠭᠰᠡᠨ ᠣᠷᠣᠮ ᠳ᠋ᠤ᠌ ᠪᠠᠨ ᠴᠡᠴᠡᠭ ᠳᠡᠯᠭᠡᠷᠡᠭᠦᠯᠬᠦ 
   ᠭᠠᠩᠭᠠᠩ ᠪᠠᠢᠭᠠᠯᠢ ᠳ᠋ᠤ᠌ ᠪᠠᠨ ᠬᠠᠢᠷᠠᠲᠠᠢ ᠪᠢ 
ᠬᠢᠭᠰᠡᠨ ᠠᠵᠢᠯ ᠳ᠋ᠤ᠌ ᠪᠠᠨ ᠠᠮᠵᠢᠯᠲᠠ ᠭᠢᠯᠠᠷᠠᠭᠤᠯᠵᠤ 
   ᠬᠠᠨᠢ ᠪᠠᠨ ᠤᠷᠮᠠᠰᠢᠭᠤᠯᠬᠤ ᠡᠷᠴᠢ ᠲᠡᠢ ᠪᠢ 
ᠬᠡᠢᠮᠣᠷᠢ ᠰᠦᠯᠳᠡ ᠪᠡᠨ ᠡᠭᠦᠷᠢᠳᠡ ᠮᠠᠨᠳᠠᠭᠠᠵᠤ 
   ᠮᠣᠩᠭᠣᠯ ᠢ᠋ᠶ᠋ᠠᠨ ᠡᠷᠭᠦᠬᠦ ᠬᠸᠡ ᠲᠡᠢ ᠪᠢ!

ᠮᠠᠯᠴᠢᠨ ᠪᠦᠰᠡᠭᠦᠢ ᠪᠢ —
ᠭᠠᠯ ᠪᠠᠳᠠᠷᠠᠭᠠᠵᠤ ᠭᠣᠯᠣᠮᠲᠠ ᠪᠠᠲᠤᠵᠢᠭᠤᠯᠬᠤ
   ᠪᠣᠷᠣᠬᠠᠨ ᠬᠥᠳᠡᠭᠡ ᠳ᠋ᠦ᠍ ᠪᠡᠨ ᠡᠭᠡᠯᠢᠲᠡᠢ ᠪᠢ
ᠭᠠᠵᠠᠷ ᠲᠠᠮᠠᠭᠠᠯᠠᠵᠤ ᠮᠠᠯ ᠢ᠋ᠶ᠋ᠠᠷ ᠪᠠᠶᠠᠰᠬᠠᠬᠤ
   ᠲᠡᠨᠢᠭᠦᠬᠡᠨ ᠠᠮᠢᠳᠤᠷᠠᠯ ᠳ᠋ᠤ᠌ ᠪᠠᠨ ᠢᠲᠡᠭᠡᠯ ᠲᠡᠢ ᠪᠢ
ᠭᠠᠭᠴᠠᠬᠠᠨ ᠰᠡᠳᠬᠢᠯ ᠳ᠋ᠦ᠍ ᠪᠡᠨ ᠦᠨᠡᠨᠴᠢ ᠶ᠋ᠢ ᠵᠣᠷᠢᠬᠤ
   ᠬᠠᠢᠷ᠎ᠠ ᠶ᠋ᠢᠨ ᠵᠤᠵᠠᠭᠠᠨ ᠡᠯᠪᠡᠷᠢᠯ ᠲᠡᠢ ᠪᠢ
ᠭᠠᠯᠪᠠ ᠳᠡᠯᠡᠬᠡᠢ ᠳ᠋ᠦ᠍ ᠨᠡᠷ᠎ᠡ ᠪᠡᠨ ᠰᠡᠢᠯᠵᠦ
   ᠲᠡᠦᠬᠡ ᠠᠴᠢᠶᠠᠯᠠᠬᠤ ᠰᠢᠨᠳᠠᠰᠤ ᠲᠠᠢ ᠪᠢ!

ᠮᠠᠯᠴᠢᠨ ᠪᠦᠰᠡᠭᠦᠢ ᠪᠢ —
ᠭᠡᠷ ᠢ᠋ᠶ᠋ᠡᠨ ᠭᠡᠢᠭᠦᠯᠵᠦ ᠵᠣᠴᠢᠨ ᠢ᠋ᠶ᠋ᠠᠨ ᠪᠠᠶᠠᠷᠯᠠᠭᠤᠯᠬᠤ
   ᠡᠶᠡᠪᠡᠷᠭᠦᠦ ᠳᠤᠯᠠᠭᠠᠨ ᠠᠷᠠᠨᠰᠢ ᠲᠠᠢ ᠪᠢ
ᠭᠡᠭᠡᠷᠡᠬᠦ ᠦᠷ ᠢ᠋ᠶ᠋ᠡᠷ ᠳᠠᠭᠤᠤ ᠪᠠᠨ ᠠᠶᠠᠯᠵᠤ
   ᠰᠠᠭᠠᠯᠢ ᠪᠠᠨ ᠪᠠᠷᠢᠬᠤ ᠵᠠᠩᠰᠢᠯ ᠲᠠᠢ ᠪᠢ
ᠭᠡᠵᠢᠭᠡ ᠪᠡᠨ ᠬᠡᠢᠰᠬᠡᠵᠦ ᠠᠵᠢᠯ ᠳ᠋ᠤ᠌ ᠪᠠᠨ ᠭᠠᠷᠮᠠᠭᠠᠢᠯᠠᠬᠤ
   ᠮᠠᠯᠴᠢᠨ ᠬᠥᠮᠦᠨ ᠦ᠌ ᠬᠠᠷᠢᠭᠤᠴᠠᠯᠭ᠎ᠠ ᠲᠠᠢ ᠪᠢ
ᠭᠡᠷᠭᠡᠢ ᠠᠯᠳᠠᠷ ᠢ᠋ᠶ᠋ᠠᠨ ᠭᠡᠷ ᠲᠦ᠍ ᠪᠡᠨ ᠪᠢᠰᠢ
   ᠲᠦᠮᠡᠨ ᠳ᠋ᠦ᠍ ᠭᠠᠢᠬᠠᠭᠤᠯᠬᠤ ᠠᠵᠠ ᠲᠠᠢ ᠪᠢ!

ᠮᠠᠯᠴᠢᠨ ᠪᠦᠰᠡᠭᠦᠢ ᠪᠢ —
ᠤᠬᠠᠭᠠᠨ ᠬᠤᠷᠴᠠᠯᠠᠨ ᠮᠡᠷᠭᠡᠵᠢᠯ ᠡᠵᠡᠮᠳᠡᠵᠦ
   ᠥᠭᠡᠳᠡ ᠮᠠᠴᠤᠬᠤ ᠬᠦᠰᠡᠯ ᠲᠡᠢ ᠪᠢ
ᠤᠨᠠᠵᠤ ᠬᠠᠵᠠᠢᠬᠤ ᠶ᠋ᠢ ᠡᠷᠭᠦᠨ ᠲᠤᠰᠠᠯᠠᠬᠤ
   ᠥᠭᠭᠢᠶᠡᠮᠦᠷᠴᠢ ᠠᠷᠢᠭᠤᠨ ᠰᠠᠨᠠᠭ᠎ᠠ ᠲᠠᠢ ᠪᠢ
ᠤᠨᠳᠤᠷᠬᠤ ᠪᠤᠶᠠᠨ ᠢ᠋ ᠤᠷᠮ᠎ᠠ ᠪᠠᠷ ᠲᠡᠳᠬᠦᠵᠦ
   ᠴᠢᠨᠡᠭᠡᠯᠢᠭ ᠠᠮᠢᠳᠤᠷᠠᠬᠤ ᠵᠠᠶᠠᠭ᠎ᠠ ᠲᠠᠢ ᠪᠢ
ᠤᠰᠬᠠᠯ ᠨᠢᠳᠦᠨ ᠳ᠋ᠦ᠍ ᠪᠡᠨ ᠴᠣᠭ ᠪᠠᠳᠠᠷᠠᠭᠠᠬᠤ
   ᠥᠯᠵᠡᠢ ᠰᠠᠢᠨ ᠤ᠋ ᠳᠡᠮᠪᠡᠷᠢᠯ ᠲᠡᠢ ᠪᠢ!

ᠮᠠᠯᠴᠢᠨ ᠪᠦᠰᠡᠭᠦᠢ ᠪᠢ —
ᠬᠠᠳᠬᠤᠮᠠᠯ ᠤᠷᠠᠯᠠᠵᠤ ᠬᠤᠸᠠᠷ ᠮᠦᠰᠢᠶᠡᠯᠭᠡᠬᠦ
   ᠬᠠᠴᠢᠨ ᠰᠣᠨᠢᠨ ᠵᠠᠰᠠᠯ ᠲᠠᠢ ᠪᠢ
ᠬᠠᠩᠭᠠᠢ ᠰᠡᠷᠭᠦᠭᠡᠵᠦ ᠲᠦᠮᠡᠨ ᠢ᠋ᠶ᠋ᠡᠨ ᠪᠠᠶᠠᠰᠬᠠᠬᠤ
   ᠤᠷᠲᠤ ᠶ᠋ᠢᠨ ᠳᠠᠭᠤᠨ ᠤ᠋ ᠰᠢᠷᠤᠩᠬᠠᠢ ᠲᠠᠢ ᠪᠢ
ᠬᠠᠢᠷ᠎ᠠ ᠢᠪᠢᠯᠭᠡᠨ ᠬᠠᠨᠢ ᠪᠠᠨ ᠲᠦᠰᠢᠵᠦ
   ᠨᠤᠲᠤᠭ ᠢ᠋ᠶ᠋ᠠᠨ ᠰᠠᠬᠢᠬᠤ ᠲᠠᠪᠢᠯᠠᠩ ᠲᠠᠢ ᠪᠢ
ᠬᠠᠷᠠᠭ᠎ᠠ ᠲᠡᠯᠡᠵᠦ ᠰᠠᠷᠠᠨ ᠲᠡᠷᠭᠡᠯᠰᠢᠭᠦᠯᠬᠦ
   ᠬᠣᠷᠸ᠎ᠠ ᠡᠵᠡᠮᠰᠢᠯᠲᠦ ᠰᠢᠨᠵᠢᠯᠡᠭᠡ ᠲᠡᠢ ᠪᠢ!

ᠮᠠᠯᠴᠢᠨ ᠪᠦᠰᠡᠭᠦᠢ ᠪᠢ —
ᠠᠳᠤᠭᠤᠳ ᠦᠦᠷᠰᠡᠵᠦ ᠲᠠᠯ᠎ᠠ ᠪᠠᠨ ᠵᠢᠪᠬᠤᠭᠠᠬᠤ
   ᠮᠣᠩᠭᠣᠯ ᠠᠭᠲᠠ ᠶ᠋ᠢᠨ ᠬᠡᠢᠮᠣᠷᠢ ᠲᠠᠢ ᠪᠢ
ᠠᠶᠠᠯᠭᠤ ᠡᠭᠡᠰᠢᠭᠯᠡᠵᠦ ᠬᠣᠢᠮᠣᠷ ᠵᠢᠷᠭᠠᠭᠠᠬᠤ
   ᠮᠣᠷᠢᠨ ᠬᠤᠭᠤᠷ ᠤ᠋ᠨ ᠴᠢᠪᠬᠠᠳᠠᠰᠤ ᠲᠠᠢ ᠪᠢ
ᠠᠷᠭᠠᠯ ᠬᠣᠷᠮᠣᠢᠯᠠᠵᠤ ᠮᠥᠩᠭᠥ ᠡᠪᠦᠷᠲᠦᠯᠡᠬᠦ
   ᠠᠰᠢᠳᠠ ᠶ᠋ᠢᠨ ᠥᠪᠯᠡᠭ ᠨᠤᠲᠤᠭ ᠲᠠᠢ ᠪᠢ
ᠠᠩᠭᠢᠷ ᠤᠭᠤᠷᠠᠭ ᠢ᠋ᠶ᠋ᠠᠷ ᠠᠴᠢᠷ ᠢ᠋ᠶ᠋ᠠᠨ ᠥᠰᠬᠡᠬᠦ
   ᠠᠷᠢᠭᠤᠨ ᠴᠠᠭᠠᠨ ᠰᠡᠳᠬᠢᠯᠭᠡ ᠲᠡᠢ ᠪᠢ!

ᠮᠠᠯᠴᠢᠨ ᠪᠦᠰᠡᠭᠦᠢ ᠪᠢ —
ᠬᠦᠯᠦᠭ ᠰᠣᠷᠢᠵᠤ ᠪᠥᠬᠡ ᠳᠠᠰᠬᠠᠬᠤ
   ᠮᠣᠩᠭᠣᠯ ᠤᠳᠤᠮ ᠤ᠋ᠨ ᠭᠡᠷᠭᠡᠢ ᠪᠢ
ᠬᠥᠮᠦᠵᠢᠯ ᠢ᠋ᠶ᠋ᠡᠷ ᠳᠣᠳᠣᠮᠳᠠᠵᠤ ᠬᠡᠦᠬᠡᠳ ᠢ᠋ᠶ᠋ᠡᠨ ᠰᠤᠷᠭᠠᠬᠤ
   ᠠᠯᠤᠩᠭᠤᠸ᠎ᠠ ᠰᠢᠭ᠋ ᠡᠬᠡ ᠪᠢ
ᠬᠥᠪᠴᠢᠨ ᠰᠡᠬᠦᠢᠵᠦ ᠵᠢᠭᠦᠷᠲᠡᠨ ᠳᠣᠩᠭᠣᠳᠬᠤ
   ᠣᠢ ᠲᠠᠢᠭ᠎ᠠ ᠶ᠋ᠢᠨ ᠴᠠᠭᠳᠠᠭᠴᠢ ᠪᠢ
ᠬᠥᠷᠥᠰᠥ ᠡᠵᠡᠮᠳᠡᠨ ᠪᠡᠯᠴᠢᠭᠡᠷ ᠰᠡᠯᠭᠦᠬᠦ
   ᠨᠡᠭᠦᠳᠡᠯ ᠰᠣᠶᠣᠯ ᠤ᠋ᠨ ᠡᠵᠡᠨ ᠪᠢ!

ᠮᠠᠯᠴᠢᠨ ᠪᠦᠰᠡᠭᠦᠢ ᠪᠢ —
ᠡᠷᠬᠡᠰ ᠲᠩᠷᠢ ᠶ᠋ᠢᠨ ᠪᠤᠶᠠᠨᠲᠤ ᠰᠢᠲᠦᠭᠡᠨ ᠢ᠋ᠶ᠋ᠡᠨ
   ᠪᠣᠰᠤᠭ᠎ᠠ ᠬᠡᠯᠡ ᠪᠡᠷ ᠢ᠋ᠶ᠋ᠡᠨ ᠶᠠᠷᠢᠨ᠎ᠠ ᠪᠢ
ᠡᠳ᠋ ᠢ᠋ᠶ᠋ᠡᠷ ᠪᠠᠶᠠᠯᠢᠭ ᠤᠨᠠᠭᠰᠠᠨ ᠰᠢᠷᠣᠢ ᠪᠠᠨ
   ᠡᠩᠭᠡᠷ ᠦ᠋ᠨ ᠲᠣᠪᠴᠢ ᠰᠢᠭ᠋ ᠢ᠋ᠶ᠋ᠡᠨ ᠬᠠᠢᠷᠠᠯᠠᠨ᠎ᠠ ᠪᠢ
ᠡᠷᠭᠢᠬᠦ ᠬᠣᠷᠸ᠎ᠠ ᠶ᠋ᠢᠨ ᠰᠣᠯᠣᠩᠭᠠᠨ ᠬᠥᠭᠥᠷᠭᠡ ᠳ᠋ᠦ᠍ ᠪᠡᠨ
   ᠥᠪᠡᠷ ᠦ᠋ᠨ ᠰᠣᠶᠣᠯ ᠢ᠋ᠶ᠋ᠠᠨ ᠬᠠᠨᠳᠢᠪᠯᠠᠨ᠎ᠠ ᠪᠢ
ᠢᠯᠠᠭᠤᠭᠰᠠᠨ ᠮᠣᠩᠭᠣᠯ ᠤ᠋ᠨ ᠦᠨᠡᠨᠴᠢᠬᠡᠨ ᠲᠣᠪᠴᠢᠶᠠᠨ ᠳ᠋ᠤ᠌ ᠪᠠᠨ
   ᠬᠠᠭᠤᠳᠠᠰᠤ ᠨᠡᠮᠡᠷᠢᠯᠡᠵᠦ ᠪᠢᠴᠢᠭᠯᠡᠨ᠎ᠡ ᠪᠢ!

ᠮᠠᠯᠴᠢᠨ ᠪᠦᠰᠡᠭᠦᠢ ᠪᠢ —
ᠨᠠᠢᠷᠠᠭ ᠤᠶᠠᠩᠭᠠᠯᠠᠵᠤ ᠲᠣᠭᠣᠵᠢ ᠶᠠᠷᠢᠬᠤ
   ᠰᠢᠨ᠎ᠡ ᠡᠷᠢᠨ ᠦ᠌ ᠮᠠᠯᠴᠢᠨ ᠪᠢ
ᠨᠠᠷᠠᠨ ᠢᠪᠡᠭᠡᠵᠦ ᠬᠤᠲᠤᠭ ᠤᠷᠲᠤᠳᠬᠠᠬᠤ
   ᠪᠤᠶᠠᠨᠰᠠᠭ ᠠᠢᠯ ᠤ᠋ᠨ ᠪᠦᠰᠡᠭᠦᠢ ᠪᠢ
ᠨᠠᠢ᠍ᠮᠠᠨ ᠵᠦᠭ ᠦ᠋ᠨ ᠬᠡᠰᠢᠭ ᠬᠤᠷᠤᠢᠯᠠᠬᠤ
   ᠮᠠᠨᠳᠤᠬᠤ ᠮᠣᠩᠭᠣᠯ ᠤ᠋ᠨ ᠭᠤᠸ᠎ᠠ ᠪᠢ
ᠨᠠᠷᠭᠢᠶ᠎ᠠ ᠪᠠᠶᠠᠷ ᠢ᠋ᠶ᠋ᠠᠷ ᠨᠠᠰᠤᠲᠠᠨ ᠢ᠋ᠶ᠋ᠠᠨ ᠠᠰᠠᠷᠠᠬᠤ
   ᠡᠯᠪᠡᠭ ᠬᠠᠢᠷ᠎ᠠ ᠶ᠋ᠢᠨ ᠪᠦᠷᠢᠯᠸ᠎ᠠ ᠪᠢ ᠠ᠋!

     ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
     ᠬᠢᠨᠠᠭᠴᠢ᠄ ᠭᠦᠩᠭᠠᠷ