ᠲᠠᠪᠤᠨ ᠲᠥᠯ ᠦ᠋ᠨ ᠳᠠᠭᠤᠤ -ᠰᠡᠳᠬᠢᠯ ᠦ᠋ᠨ ᠠᠶᠠᠯᠭᠤ ᠪᠠᠭᠠᠴᠤᠳ ᠬᠡᠦᠬᠡᠳТаван дөлийн дуу-Сэтгэлийн аялгуу багачууд хүүхэд ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠤᠨ ᠲᠥᠯ ᠦ᠋ᠨ ᠳᠠᠭᠤᠤ -ᠰᠡᠳᠬᠢᠯ ᠦ᠋ᠨ ᠠᠶᠠᠯᠭᠤ ᠪᠠᠭᠠᠴᠤᠳ ᠬᠡᠦᠬᠡᠳТаван дөлийн дуу-Сэтгэлийн аялгуу багачууд хүүхэд

ᠲᠠᠪᠤᠨ ᠲᠥᠯ ᠦ᠋ᠨ ᠳᠠᠭᠤᠤ -ᠰᠡᠳᠬᠢᠯ ᠦ᠋ᠨ ᠠᠶᠠᠯᠭᠤ ᠪᠠᠭᠠᠴᠤᠳ ᠬᠡᠦᠬᠡᠳТаван дөлийн дуу-Сэтгэлийн аялгуу багачууд хүүхэд

2026-03-05

684

ᠲᠠᠪᠤᠨ ᠲᠥᠯ ᠦ᠋ᠨ ᠳᠠᠭᠤᠤ


              ᠦᠭᠡ᠂ ᠠᠶ᠎ᠠ᠄ ᠪᠦᠷᠢᠨᠪᠠᠶᠠᠷ 
              ᠬᠥᠭᠵᠢᠮ  ᠦ᠋ᠨ ᠨᠠᠢᠷᠠᠭᠤᠯᠤᠭᠴᠢ᠄ ᠲᠣᠳᠤᠰᠠᠢᠬᠠᠨ 
              ᠪᠥᠵᠢᠭ  ᠦ᠋ᠨ ᠨᠠᠢᠷᠠᠭᠤᠯᠤᠭᠴᠢ᠄  ᠰᠠᠴᠤᠷᠠ 
              ᠬᠡᠦᠬᠡᠳ  ᠦ᠋ᠨ ᠵᠢᠯᠣᠭᠣᠳᠤᠭᠴᠢ᠄ ᠲᠠᠨᠲᠠᠷ 
           ᠳᠠᠭᠤᠴᠢᠨ᠄ ᠬᠥᠯᠥᠨ ᠪᠤᠢᠷ ᠬᠣᠲᠠ  ᠶ᠋ᠢᠨ《 ᠰᠡᠳᠬᠢᠯ  ᠦ᠋ᠨ ᠠᠶᠠᠯᠭᠤ》 ᠪᠠᠭᠠᠴᠤᠳ ᠬᠡᠦᠬᠡᠳ  ᠦ᠋ᠨ ᠨᠠᠢᠷᠠᠯ ᠳᠠᠭᠤᠨ  ᠤ᠋ ᠠᠩᠭᠢ 

 ᠬᠤᠷᠠᠭ᠎ᠠ  ᠶ᠋ᠢᠨ ᠪᠡᠯᠴᠢᠭᠡᠷ  ᠡᠴᠡ ᠬᠤᠯᠤᠭᠠᠨ᠎ᠠ ᠨᠢ ᠦᠷᠭᠦᠬᠦ  ᠶᠦᠮ ᠠ᠋ 
 ᠬᠡᠦᠬᠡᠳ ᠨᠠᠰᠤᠨ  ᠤ᠋ ᠮᠠᠨᠢ ᠨᠤᠲᠤᠭ  ᠢ᠋ᠶ᠋ᠠᠨ ᠰᠠᠨᠠᠬᠤ  ᠶᠤᠮ ᠠ᠋ 

 ᠢᠰᠢᠭᠡ  ᠶ᠋ᠢᠨ ᠪᠡᠯᠴᠢᠭᠡᠷ  ᠡᠴᠡ ᠡᠷᠪᠡᠬᠡᠢ ᠨᠢ ᠳᠡᠷᠪᠡᠬᠦ  ᠶᠦᠮ ᠠ᠋ 
 ᠡᠩᠬᠦᠷᠡᠢ ᠨᠠᠰᠤᠨ  ᠤ᠋ ᠮᠠᠨᠢ ᠨᠤᠲᠤᠭ  ᠢ᠋ᠶ᠋ᠠᠨ ᠰᠠᠨᠠᠬᠤ  ᠶᠤᠮ ᠠ᠋ 

 ᠲᠤᠭᠤᠯ  ᠤ᠋ᠨ ᠪᠡᠯᠴᠢᠭᠡᠷ  ᠡᠴᠡ ᠲᠠᠤᠯᠠᠢ ᠨᠢ ᠦᠷᠭᠦᠬᠦ  ᠶᠦᠮ ᠠ᠋ 
 ᠲᠣᠮᠣᠭ᠎ᠠ ᠦᠭᠡᠢ ᠨᠠᠰᠤᠨ  ᠤ᠋ ᠮᠠᠨᠢ ᠨᠤᠲᠤᠭ  ᠢ᠋ᠶ᠋ᠠᠨ ᠰᠠᠨᠠᠬᠤ  ᠶᠤᠮ ᠠ᠋ 
 ᠠᠢ ᠁᠁᠁

 ᠤᠨᠠᠭ᠎ᠠ  ᠶ᠋ᠢᠨ ᠪᠡᠯᠴᠢᠭᠡᠷ  ᠡᠴᠡ ᠣᠭᠣᠨᠣ ᠨᠢ ᠦᠷᠭᠦᠬᠦ  ᠶᠦᠮ ᠠ᠋
 ᠤᠬᠠᠭ᠎ᠠ ᠦᠭᠡᠢ ᠨᠠᠰᠤᠨ  ᠤ᠋ ᠮᠠᠨᠢ ᠨᠤᠲᠤᠭ  ᠢ᠋ᠶ᠋ᠠᠨ ᠰᠠᠨᠠᠬᠤ  ᠶᠤᠮ ᠠ᠋

 ᠪᠣᠲᠣᠭᠣ  ᠶ᠋ᠢᠨ ᠪᠡᠯᠴᠢᠭᠡᠷ  ᠡᠴᠡ ᠪᠣᠢᠯᠠᠭᠠᠳ ᠳᠠᠭᠤᠳᠠᠬᠤ  ᠶᠤᠮ ᠠ᠋
 ᠪᠤᠯᠪᠠᠷᠠᠢ ᠨᠠᠰᠤᠨ  ᠤ᠋ ᠮᠠᠨᠢ ᠨᠤᠲᠤᠭ  ᠢ᠋ᠶ᠋ᠠᠨ ᠰᠠᠨᠠᠬᠤ  ᠶᠤᠮ ᠠ᠋
 ᠠᠢ ᠁᠁᠁
 ᠨᠤᠲᠤᠭ  ᠢ᠋ᠶ᠋ᠠᠨ ᠰᠠᠨᠠᠬᠤ  ᠶᠤᠮ ᠠ᠋

              ᠦᠰᠦᠭ ᠠᠮᠢᠠᠭᠤᠯᠤᠬᠴᠢ᠄  ᠰᠡᠴᠡᠨᠬᠡᠷᠡᠯ
              ᠬᠢᠨᠠᠭᠴᠢ ᠪᠠᠭᠰᠢ᠄  ᠠᠯᠲᠠᠨᠴᠡᠴᠡᠭ

ᠮᠡᠷᠭᠡᠯ ᠮᠢᠨᠢ


     ᠦᠭᠡ᠄ ᠨᠢ· ᠪᠠᠶᠠᠷ 
     ᠠᠶ᠎ᠠ᠄ ᠯᠤᠪᠰᠠᠩᠳᠣᠷᠵᠢ ᠶ᠋ᠢᠨ ᠬᠡᠰᠢᠬᠪᠠᠶᠠᠷ 
     ᠳᠠᠭᠤᠴᠢᠨ᠄ ᠤᠰᠬᠠᠯ 

ᠮᠡᠷᠭᠡᠯ ᠮᠢᠨᠢ ᠤᠭᠠᠯᠵᠠᠯᠠᠨ ᠮᠢᠷᠠᠯᠵᠠᠭ᠎ᠠ ᠳᠠ 
ᠮᠡᠷᠭᠡᠯ ᠮᠢᠨᠢ ᠤᠶᠠᠩᠭᠠᠯᠠᠨ ᠳᠣᠭᠳᠣᠯᠤᠭ᠎ᠠ ᠳᠠ 
ᠮᠡᠷᠭᠡᠯ ᠮᠢᠨᠢ ᠤᠶᠠᠷᠠᠨ ᠮᠡᠯᠮᠡᠷᠡᠭᠡ ᠳᠧ 
ᠮᠡᠷᠭᠡᠯ ᠮᠢᠨᠢ ᠮᠢᠨᠦ ᠯᠡ ᠭᠠᠭᠴᠠᠬᠠᠨ ᠳᠠ 
ᠮᠡᠷᠭᠡᠯ ᠮᠢᠨᠢ 
ᠡᠪᠦᠭᠡᠳ ᠦ᠋ᠨ ᠦᠨᠦᠷ ᠲᠡᠢ ᠤᠰᠤᠨ ᠮᠢᠨᠦ ᠵᠧ 
ᠮᠡᠷᠭᠡᠯ ᠮᠢᠨᠢ
ᠥᠨᠢ ᠮᠥᠩᠬᠡ ᠶ᠋ᠢᠨ ᠤᠷᠤᠰᠬᠠᠯ ᠮᠢᠨᠦ ᠵᠧ

ᠮᠡᠷᠭᠡᠯ ᠮᠢᠨᠢ ᠮᠡᠨᠳᠦ ᠶ᠋ᠢᠨ ᠬᠠᠳᠠᠭ ᠳᠠ
ᠮᠠᠷᠭᠡᠯ ᠮᠢᠨᠢ ᠵᠢᠷᠦᠬᠡᠨ ᠦ᠌ ᠤᠶᠠᠭ᠎ᠠ ᠳᠠ
ᠮᠡᠷᠭᠡᠯ ᠮᠢᠨᠢ ᠨᠡᠭᠦᠳᠡᠯ ᠦ᠋ᠨ ᠪᠠᠷ᠎ᠠ ᠳᠠ
ᠮᠡᠷᠭᠡᠯ ᠮᠢᠨᠢ ᠭᠠᠵᠠᠷ ᠤ᠋ᠨ ᠰᠣᠯᠣᠩᠭ᠎ᠠ ᠳᠠ
ᠮᠡᠷᠭᠡᠯ ᠮᠢᠨᠢ
ᠡᠪᠦᠭᠡᠳ ᠦ᠋ᠨ ᠦᠨᠦᠷ ᠲᠡᠢ ᠤᠰᠤᠨ ᠮᠢᠨᠦ ᠵᠧ
ᠮᠡᠷᠭᠡᠯ ᠮᠢᠨᠢ
ᠥᠨᠢ ᠮᠥᠩᠬᠡ ᠶ᠋ᠢᠨ ᠤᠷᠤᠰᠬᠠᠯ ᠮᠢᠨᠦ ᠵᠧ

ᠮᠡᠷᠭᠡᠯ ᠮᠢᠨᠢ ᠰᠠᠨᠠᠭᠰᠠᠨ ᠰᠡᠳᠬᠢᠯ ᠳᠧ
ᠮᠡᠷᠭᠡᠯ ᠮᠢᠨᠢ ᠳᠤᠷᠠᠯᠠᠭᠰᠠᠨ ᠬᠠᠢᠷ᠎ᠠ ᠳᠠ
ᠮᠡᠷᠭᠡᠯ ᠮᠢᠨᠢ ᠬᠠᠩᠭᠢᠨᠠᠭᠰᠠᠨ ᠳᠠᠭᠤᠤ ᠳᠠ
ᠮᠡᠷᠭᠡᠯ ᠮᠢᠨᠢ ᠪᠥᠵᠢᠭᠯᠡᠭᠰᠡᠨ ᠳᠠᠭᠢᠨᠢ ᠳᠠ
ᠮᠡᠷᠭᠡᠯ ᠮᠢᠨᠢ
ᠡᠪᠦᠭᠡᠳ ᠦ᠋ᠨ ᠦᠨᠦᠷ ᠲᠡᠢ ᠤᠰᠤᠨ ᠮᠢᠨᠦ ᠵᠧ
ᠮᠡᠷᠭᠡᠯ ᠮᠢᠨᠢ
ᠥᠨᠢ ᠮᠥᠩᠬᠡ ᠶ᠋ᠢᠨ ᠤᠷᠤᠰᠬᠠᠯ ᠮᠢᠨᠦ ᠵᠧ
ᠮᠡᠷᠭᠡᠯ ᠮᠢᠨᠢ
ᠡᠪᠦᠭᠡᠳ ᠦ᠋ᠨ ᠦᠨᠦᠷ ᠲᠡᠢ ᠤᠰᠤᠨ ᠮᠢᠨᠦ ᠵᠧ
ᠮᠡᠷᠭᠡᠯ ᠮᠢᠨᠢ
ᠥᠨᠢ ᠮᠥᠩᠬᠡ ᠶ᠋ᠢᠨ ᠤᠷᠤᠰᠬᠠᠯ ᠮᠢᠨᠦ ᠵᠧ
ᠥᠨᠢ ᠮᠥᠩᠬᠡ ᠶ᠋ᠢᠨ ᠤᠷᠤᠰᠬᠠᠯ ᠮᠢᠨᠦ ᠵᠧ

       ᠦᠰᠦᠭ ᠠᠮᠢᠯᠠᠭᠤᠯᠤᠭᠴᠢ᠄ ᠰᠡᠴᠡᠨᠭᠡᠷᠡᠯ
       ᠬᠢᠨᠠᠭᠴᠢ ᠪᠠᠭᠰᠢ᠄  ᠠᠯᠲᠠᠨᠴᠡᠴᠡᠭ