ᠳᠣᠷᠣᠨ᠎ᠠ ᠶᠢᠨ ᠠᠶᠠᠯᠭᠤ - ᠸᠠᠴᠢᠷᠪᠠᠲᠤ ᠶ᠋ᠢᠨ ᠳᠠᠰᠢᠪᠠᠯᠪᠠᠷ Дорнын аялгуу - Очирбатын Дашбалбар
ᠳᠣᠷᠣᠨ᠎ᠠ ᠶᠢᠨ ᠠᠶᠠᠯᠭᠤ
ᠪᠣᠷᠣᠭ ᠡᠪᠡᠰᠦ ᠨᠣᠷᠭᠠᠬᠤ ᠨᠠᠮᠤᠷ ᠤ᠋ᠨ ᠪᠣᠷᠣᠭ᠎ᠠ ᠰᠢᠪᠡᠷᠡᠨ᠎ᠡ᠃
ᠠᠶᠠᠨᠴᠢᠨ ᠨᠡᠭᠦᠳᠡᠯᠴᠢᠨ ᠦ᠌ ᠭᠡᠷ ᠦ᠋ᠳ ᠲᠠᠭᠠᠷᠠᠭᠰᠠᠨ ᠶᠠᠩᠵᠤ ᠲᠠᠢ ᠪᠥᠮᠪᠥᠢᠭᠡᠳ
ᠠᠶᠠᠰ ᠤ᠋ᠨ ᠵᠢᠬᠡᠭᠦᠨ ᠠᠮᠢᠰᠬᠤᠯ ᠡᠪᠡᠰᠦᠨ ᠦ᠌ ᠦᠨᠳᠦᠰᠦᠨ ᠳ᠋ᠦ᠍ ᠰᠢᠷᠭᠤᠨ᠎ᠠ᠃
ᠴᠥᠪᠥᠷᠢᠭᠦᠦ ᠨᠠᠮᠤᠷ ᠤ᠋ᠨ ᠦᠳᠡᠰᠢ ᠴᠡᠴᠡᠭᠡᠰ ᠤᠢᠳᠬᠤ ᠴᠠᠭ ᠢ᠋ᠶ᠋ᠠᠷ
ᠴᠡᠪᠡᠷᠬᠡᠨ ᠢᠨᠠᠭ ᠢ᠋ᠶ᠋ᠠᠨ ᠦᠭᠡᠢᠯᠡᠵᠦ᠂ ᠴᠡᠭᠡᠵᠢᠨ ᠦ᠌ ᠭᠦᠨ ᠳ᠋ᠦ᠍ ᠬᠥᠨᠳᠡᠭᠦᠷᠯᠡᠨᠡ᠃
ᠠᠬᠠᠰ ᠶᠡᠬᠡᠰ ᠦ᠋ᠨ ᠦᠭᠡ ᠶ᠋ᠢ ᠠᠪᠤᠯ ᠦᠭᠡᠢ ᠶᠠᠪᠤᠭᠰᠠᠨ ᠳ᠋ᠠᠭᠠᠨ ᠭᠡᠮᠰᠢᠨ᠎ᠡ᠃
ᠠᠷᠪᠠᠨ ᠲᠠᠪᠤᠨ ᠤ᠋ ᠰᠠᠷ᠎ᠠ ᠶ᠋ᠢ ᠭᠠᠭᠴᠠ ᠪᠠᠷ ᠢ᠋ᠶ᠋ᠠᠨ ᠳᠠᠭᠤᠯᠠᠵᠤ ᠭᠢᠩᠰᠢᠨᠡᠮ᠃
ᠴᠡᠩᠭᠡᠯ ᠦ᠋ᠨ ᠳᠠᠭᠤᠤ ᠨᠠᠮᠳᠠᠵᠤ᠂ ᠲᠣᠭᠣᠷᠤᠤ ᠪᠤᠴᠠᠭᠰᠠᠨ ᠬᠣᠢᠨ᠎ᠠ
ᠴᠡᠩᠬᠡᠷ ᠲᠠᠯ᠎ᠠ ᠵᠢᠪᠡᠷᠭᠡᠨ᠂ ᠲᠣᠭᠣ ᠳᠠᠭᠤ ᠦᠭᠡᠢ ᠪᠥᠮᠪᠥᠢᠨᠡ᠃
ᠵᠣᠷᠢᠭ ᠢ᠋ᠶ᠋ᠠᠷ ᠪᠤᠭᠤᠷᠤᠯ ᠬᠣᠷᠸ᠎ᠠ ᠳ᠋ᠤ᠌ ᠵᠣᠪᠠᠯᠠᠩ ᠢ᠋ ᠲᠤᠭᠤᠯᠵᠤ ᠭᠡᠲᠦᠯᠦᠨ᠎ᠡ
ᠵᠣᠷᠢᠵᠤ ᠪᠤᠳᠤᠯᠢᠭᠰᠠᠭᠠᠷ ᠶᠠᠪᠤᠭᠠᠳ ᠵᠣᠯᠭᠠᠵᠤ ᠦᠨᠡᠨ ᠲᠡᠢ ᠮᠥᠷᠭᠥᠨ᠎ᠡ᠃
ᠠᠶᠠᠯᠭᠤᠲᠤ ᠱᠠᠨᠵᠠᠨ ᠤ᠋ ᠡᠭᠡᠰᠢᠭ ᠨᠢᠯᠪᠤᠰᠤ ᠲᠣᠰᠣᠯᠠᠮᠠ ᠪᠥᠮᠪᠥᠷᠢᠵᠦ
ᠠᠷᠭᠠᠳᠠᠨ ᠤᠴᠢᠷᠯᠠᠨ ᠬᠦᠦᠷᠨᠢᠬᠦ ᠠᠷᠠᠳ ᠤ᠋ᠨ ᠳᠠᠭᠤᠨ ᠳ᠋ᠠᠭᠠᠨ ᠰᠥᠭᠥᠳᠦᠨᠡᠮ᠃
ᠬᠥᠬᠡᠷᠡᠨ ᠬᠥᠬᠡᠷᠡᠨ ᠮᠠᠨᠠᠷᠠᠭᠠᠳ ᠬᠥᠳᠡᠭᠡ ᠴᠠᠢᠳᠠᠮ ᠪᠣᠷᠣᠭᠠᠰᠢᠨᠠ
ᠬᠥᠩᠭᠡᠨ ᠨᠢᠮᠭᠡᠨ ᠭᠠᠷᠤᠭᠰᠠᠨ ᠶᠤᠮ᠂ ᠲᠠᠭᠠᠷᠠᠵᠤ ᠶᠠᠪᠤᠭ᠎ᠠ ᠪᠣᠯᠪᠠ ᠤᠤ᠃
ᠵᠦᠳᠡᠭ ᠡᠨᠡᠬᠡᠨ ᠬᠣᠷᠸ᠎ᠠ ᠳ᠋ᠤ᠌ ᠵᠢᠰᠦ ᠲᠡᠢ ᠲᠥᠷᠥᠭᠰᠡᠨ ᠦᠷ᠎ᠡ ᠶᠦᠮ ᠳᠡ
ᠵᠦᠢ ᠦᠭᠡᠢ ᠦᠢᠯᠡ ᠶ᠋ᠢ ᠬᠢᠯ ᠦᠭᠡᠢ᠂ ᠵᠦᠭᠡᠷ ᠶᠠᠪᠤᠭᠠᠳ ᠶᠠᠭᠠᠬᠢᠬᠤᠪ ᠳᠠ
ᠪᠦᠳᠡᠭᠢ ᠡᠨᠡᠬᠡᠨ ᠬᠣᠷᠸ᠎ᠠ ᠳ᠋ᠤ᠌ ᠪᠦᠰᠡᠭᠦᠢ ᠲᠥᠷᠥᠭᠰᠡᠨ ᠦᠷ᠎ᠡ ᠶᠦᠮ ᠳᠡ
ᠪᠦᠬᠦᠨ ᠡᠴᠡ ᠬᠥᠭᠡᠷᠦᠬᠦᠨ ᠴᠢᠮ᠎ᠠ ᠳ᠋ᠠᠭᠠᠨ ᠪᠤᠷᠤᠭᠤ ᠶ᠋ᠢ ᠥᠭᠭᠦᠭᠡᠳ ᠶᠠᠭᠠᠬᠢᠬᠤᠪ ᠳᠠ᠃
ᠨᠠᠰᠤᠨ ᠪᠠᠭ᠎ᠠ ᠲᠡᠭᠦᠨ ᠦ᠌ ᠮᠢᠨᠢ ᠨᠠᠢᠷᠲᠠᠢ ᠬᠣᠩᠭᠣᠷ ᠠᠭᠠᠰᠢ ᠨᠢ
ᠨᠠᠮᠤᠷ ᠤ᠋ᠨ ᠰᠠᠯᠬᠢᠨ ᠳ᠋ᠤ᠌ ᠭᠠᠩᠳᠠᠬᠤ ᠨᠠᠷᠢᠨ ᠨᠣᠭᠣᠭ᠎ᠠ ᠪᠢᠰᠢ ᠠ᠋
ᠤᠷᠠᠨ ᠪᠠᠭ᠎ᠠ ᠲᠡᠭᠦᠨ ᠦ᠌ ᠮᠢᠨᠢ ᠤᠷᠢᠬᠠᠨ ᠬᠣᠩᠭᠣᠷ ᠠᠭᠠᠯᠢ ᠨᠢ
ᠤᠮᠠᠷ᠎ᠠ ᠶ᠋ᠢᠨ ᠰᠠᠯᠬᠢᠨ ᠳ᠋ᠤ᠌ ᠭᠠᠩᠳᠠᠬᠤ ᠠᠭᠤᠯᠠ ᠶ᠋ᠢᠨ ᠨᠣᠭᠣᠭ᠎ᠠ ᠪᠢᠰᠢ ᠠ᠋᠃
ᠳᠣᠯᠣᠭᠠᠨ ᠦᠶ᠎ᠡ ᠶ᠋ᠢᠨ ᠡᠪᠦᠭᠡᠳ ᠮᠢᠨᠢ ᠵᠡᠭᠦᠳᠦᠨ ᠳᠤᠮᠳᠠ ᠵᠢᠮᠡᠯᠡᠨ᠎ᠡ᠃
ᠳᠣᠷᠣᠨ᠎ᠠ ᠶ᠋ᠢᠨ ᠪᠤᠭᠤᠷᠤᠯ ᠠᠶᠠᠯᠭᠤ ᠨᠢ ᠨᠣᠢᠷ ᠳᠤᠮᠳᠠ ᠤᠴᠢᠷᠯᠠᠨ᠎ᠠ᠃
ᠠᠯᠲᠠᠨ ᠤᠷᠤᠭ ᠤ᠋ᠨ ᠥᠬᠢᠳ ᠨᠢ ᠠᠯᠤᠰ ᠤ᠋ᠨ ᠵᠠᠭᠤᠨ ᠨᠤᠭᠤᠳ ᠠ᠋ᠴᠠ ᠤᠴᠢᠷᠯᠠᠨ᠎ᠠ
ᠠᠷᠪᠠᠨ ᠦᠶ᠎ᠡ ᠶ᠋ᠢᠨ ᠡᠪᠦᠭᠡᠳ ᠮᠢᠨᠢ ᠵᠡᠭᠦᠳᠦᠨ ᠳᠤᠮᠳᠠ ᠵᠢᠮᠡᠯᠡᠨ᠎ᠡ᠃
ᠬᠣᠯᠠᠳᠤᠭᠠᠳ ᠬᠣᠯᠠᠳᠤᠭᠠᠳ ᠲᠡᠷᠡ ᠮᠢᠨᠢ ᠬᠣᠷᠸ᠎ᠠ ᠠ᠋ᠴᠠ ᠶᠠᠪᠤᠬᠤ ᠪᠢᠰᠢ ᠳᠡ
ᠬᠣᠶᠠᠷᠬᠠᠨ ᠪᠡᠶ᠎ᠡ ᠪᠡᠷ ᠤᠴᠠᠷᠠᠭᠰᠠᠨ ᠶᠤᠮ᠃ᠨᠠᠮᠠᠶ᠋ᠢ ᠪᠠᠨ ᠵᠣᠪᠠᠭᠠᠵᠤ ᠶᠠᠭᠠᠬᠢᠬᠤᠪ ᠳᠠ᠃
ᠠᠯᠤᠰᠯᠠᠭᠠᠳ ᠠᠯᠤᠰᠯᠠᠭᠠᠳ ᠲᠡᠷᠡ ᠮᠢᠨᠢ᠂ ᠳᠡᠯᠡᠬᠡᠢ ᠡᠴᠡ ᠶᠠᠪᠤᠭᠰᠠᠨ ᠪᠢᠰᠢ ᠳᠡ
ᠠᠯᠳᠠᠬᠠᠨ ᠪᠡᠶ᠎ᠡ ᠪᠡᠷ ᠤᠴᠠᠷᠠᠭᠰᠠᠨ ᠶᠤᠮ᠂ ᠨᠠᠮᠠᠶ᠋ᠢ ᠪᠠᠨ ᠵᠣᠪᠠᠭᠠᠵᠤ ᠶᠠᠭᠠᠬᠢᠬᠤᠪ ᠳᠠ᠃
ᠬᠣᠷᠢᠳ ᠤ᠋ᠨ ᠴᠠᠭᠠᠨ ᠰᠠᠷᠠᠨ ᠲᠣᠭᠣᠨᠣ ᠳᠦᠭᠦᠷᠡᠩ ᠬᠡᠷᠡᠯᠳᠦᠵᠦ
ᠬᠣᠶᠠᠷ ᠳᠡᠷᠡᠨ ᠦ᠌ ᠨᠢᠭᠡ ᠨᠢ ᠴᠢᠮᠠᠶ᠋ᠢ ᠦᠭᠡᠢᠯᠡᠵᠦ ᠴᠠᠢᠷᠠᠨ᠎ᠠ᠃
ᠬᠣᠵᠢᠮᠳᠠᠭᠰᠠᠨ ᠤᠴᠠᠷᠠᠯ ᠤ᠋ᠨ ᠳᠡᠯᠪᠢᠭᠡ ᠯᠡ ᠨᠠᠮᠠᠶ᠋ᠢ ᠪᠠᠨ ᠡᠭᠦᠷᠢᠳᠡ ᠵᠣᠪᠠᠭᠠᠵᠤ
ᠬᠣᠩᠭᠣᠷ ᠴᠢᠮᠠᠶ᠋ᠢ ᠪᠠᠨ ᠰᠠᠨᠠᠭᠰᠠᠨ ᠥᠨᠥᠴᠢᠨ ᠵᠢᠷᠦᠬᠡ ᠰᠢᠨᠠᠯᠤᠨ᠎ᠠ᠃
ᠤᠢᠳᠬᠠᠷᠲᠤ ᠡᠨᠡᠬᠡᠨ ᠰᠥᠨᠢ ᠠᠷᠪᠠᠨ ᠵᠢᠯ ᠰᠢᠭ ᠪᠣᠳᠣᠭᠳᠠᠵᠤ
ᠣᠨ ᠬᠦᠯᠢᠶᠡᠭᠰᠡᠨ ᠬᠥᠮᠦᠨ ᠳ᠋ᠦ᠍ ᠡᠷᠢᠨ ᠤᠯᠠᠷᠢᠭᠰᠠᠨ ᠰᠠᠨᠠᠭᠳᠠᠨ᠎ᠠ᠃
ᠬᠦᠢᠲᠡᠨ ᠨᠠᠮᠤᠷ ᠤ᠋ᠨ ᠰᠥᠨᠢ᠂ ᠡᠷᠭᠢᠨ ᠬᠥᠷᠪᠡᠬᠦ ᠬᠡᠴᠡᠭᠦᠦ
ᠬᠥᠮᠦᠨ ᠦ᠌ ᠬᠥᠮᠦᠨ ᠳ᠋ᠦ᠍ ᠣᠴᠢᠭᠰᠠᠨ ᠮᠢᠨᠦ ᠯᠡ ᠠᠮᠠᠷᠠᠭ ᠬᠥᠭᠡᠷᠦᠬᠦᠢ᠃
ᠨᠠᠮᠤᠷ ᠤ᠋ᠨ ᠰᠠᠯᠬᠢ ᠢᠰᠬᠡᠷᠴᠦ ᠳᠡᠭᠡᠪᠦᠷ ᠴᠠᠪᠤᠭ ᠳᠡᠷᠪᠡᠭᠦᠯᠦᠨᠡ
ᠨᠡᠷᠡᠲᠦ ᠳ᠋ᠦ᠍ ᠣᠯᠳᠠᠭᠰᠠᠨ ᠨᠠᠰᠤ ᠪᠠᠨ ᠴᠢᠮ᠎ᠠ ᠦᠭᠡᠢ ᠥᠩᠭᠡᠷᠡᠭᠡᠬᠦ ᠨᠢ ᠬᠠᠯᠠᠭ
ᠨᠠᠰᠤᠨ ᠡᠭᠦᠷᠢᠳᠡ ᠶ᠋ᠢᠨ ᠵᠢᠪᠠᠷ ᠬᠠᠷᠠᠬᠠᠨ ᠨᠢᠳᠦᠨ ᠳ᠋ᠦ᠍ᠨᠢ ᠬᠤᠷᠭᠠᠵᠤ
ᠨᠠᠮᠤᠭᠤᠨ ᠰᠥᠨᠢ ᠶ᠋ᠢᠨ ᠠᠨᠢᠷ ᠦᠭᠡᠢ ᠳ᠋ᠦ᠍ ᠳᠡᠷᠡ ᠪᠡᠨ ᠨᠡᠪᠲᠡᠯᠦᠨ ᠤᠬᠢᠯᠠᠨ᠎ᠠ᠃
ᠴᠠᠷᠴᠠ ᠶ᠋ᠢᠨ ᠳᠠᠭᠤ ᠪᠦᠳᠡᠭᠢᠷᠡᠭᠰᠡᠨ ᠨᠠᠮᠤᠷ ᠤ᠋ᠨ ᠰᠡᠭᠦᠯᠴᠢ ᠡᠳᠦᠷ ᠦ᠋ᠳ ᠲᠦ᠍
ᠴᠠᠩᠲᠤᠭᠰᠠᠨ ᠡᠪᠡᠰᠦ ᠪᠥᠬᠥᠯᠵᠡᠨ ᠨᠠᠮᠠᠢ ᠳ᠋ᠠᠭᠠᠨ ᠨᠠᠢᠭᠤᠨ᠎ᠠ᠃
ᠬᠡᠭᠡᠷ᠎ᠡ ᠶ᠋ᠢᠨ ᠡᠮᠨᠢᠭ ᠰᠠᠯᠬᠢ᠂ ᠡᠩᠭᠡᠷ ᠵᠠᠭᠠᠮ᠎ᠠ ᠪᠠᠷ ᠰᠢᠷᠭᠤᠯᠠᠵᠤ
ᠬᠡᠵᠢᠶ᠎ᠡ ᠪᠠᠭ᠎ᠠ ᠶ᠋ᠢᠨ ᠳᠤᠷᠠᠳᠬᠠᠯ ᠡᠯᠢᠭᠡ ᠵᠢᠷᠦᠬᠡ ᠶ᠋ᠢ ᠭᠦᠨᠳᠡᠨᠡ᠃
ᠡᠷᠢᠶᠡᠨ ᠪᠠᠷᠠᠭᠠᠨ ᠬᠣᠷᠸ᠎ᠠ ᠶ᠋ᠢᠨ ᠠᠭᠠᠰᠢ ᠶ᠋ᠢ ᠳᠠᠭᠠᠬᠤ ᠬᠡᠴᠡᠭᠦᠦ
ᠡᠩ ᠦ᠋ᠨ ᠬᠥᠮᠦᠨ ᠰᠢᠭ ᠶᠠᠪᠤᠭᠠᠳ ᠨᠠᠰᠤ ᠶ᠋ᠢ ᠪᠠᠷᠠᠬᠤ ᠬᠡᠴᠡᠭᠦᠦ
ᠵᠡᠭᠦᠳᠦ ᠵᠡᠷᠭᠡᠯᠭᠡᠲᠦ ᠬᠣᠷᠸ᠎ᠠ ᠶ᠋ᠢᠨ ᠠᠭᠠᠯᠢ ᠶ᠋ᠢ ᠳᠠᠭᠠᠬᠤ ᠬᠡᠴᠡᠭᠦᠦ
ᠵᠦᠭ ᠦ᠋ᠨ ᠬᠥᠮᠦᠨ ᠰᠢᠭ ᠶᠠᠪᠤᠭᠠᠳ ᠨᠠᠰᠤ ᠶ᠋ᠢ ᠪᠠᠷᠠᠬᠤ ᠬᠡᠴᠡᠭᠦᠦ᠃
ᠮᠢᠩᠭ᠎ᠠ ᠮᠢᠩᠭᠠᠨ ᠵᠢᠯ ᠢ᠋ ᠡᠯᠡᠭᠡᠵᠦ ᠂ᠡᠯᠡᠭᠳᠡᠭᠰᠡᠨ ᠠᠭᠤᠯᠠᠰ
ᠮᠠᠩᠨᠠᠢ ᠳ᠋ᠠᠭᠠᠨ ᠡᠭᠦᠯᠡ ᠭᠡᠲᠡᠷᠦᠨ᠂ ᠳᠣᠷᠣᠨ᠎ᠠ ᠵᠦᠭ ᠤᠷᠤᠭᠤ ᠬᠣᠰᠢᠭᠤᠷᠠᠨ᠎ᠠ
ᠮᠢᠷᠠᠯᠵᠠᠨ ᠮᠢᠷᠠᠯᠵᠠᠨ ᠣᠳᠬᠤ ᠡᠷᠲᠡᠨ ᠦ᠌ ᠤᠷᠤᠰᠬᠠᠯ ᠭᠣᠣᠯ ᠤ᠋ᠳ
ᠮᠠᠨᠠᠨ ᠪᠤᠳᠠᠩ ᠨᠡᠪᠲᠡᠯᠦᠨ ᠥᠷᠥᠨ᠎ᠡ ᠤᠷᠤᠭᠤ ᠳᠣᠪᠲᠣᠯᠤᠨ᠎ᠠ᠃
ᠠᠯᠲᠠᠨ ᠨᠠᠷᠠᠨ ᠠ᠋ᠴᠠ ᠤᠶᠠᠭ᠎ᠠ ᠲᠠᠢ ᠠᠩᠭᠢᠷ ᠨᠠᠮᠤᠷ ᠤ᠋ᠨ ᠡᠳᠦᠷ ᠦ᠋ᠳ
ᠠᠯᠠᠭ ᠡᠷᠢᠶᠡᠨ ᠬᠣᠷᠸ᠎ᠠ ᠳ᠋ᠤ᠌ ᠡᠭᠡᠯᠵᠢᠯᠡᠨ ᠡᠭᠡᠯᠵᠢᠯᠡᠨ ᠢᠷᠡᠨ᠎ᠡ᠃
ᠠᠮᠠᠷᠠᠭ ᠴᠢᠮ᠎ᠠ ᠳ᠋ᠠᠭᠠᠨ ᠤᠶᠠᠭ᠎ᠠ ᠲᠠᠢ ᠮᠢᠨᠦ ᠬᠣᠩᠭᠣᠷ ᠰᠡᠳᠬᠢᠯ
ᠠᠳᠤᠭᠤᠲᠤ ᠲᠠᠯ᠎ᠠ ᠶ᠋ᠢᠨ ᠠᠭᠤᠯᠠᠰ ᠤᠷᠤᠭᠤ ᠡᠷᠭᠢᠨ ᠨᠢᠰᠦᠨ᠎ᠡ᠃
ᠥᠨᠳᠥᠷ ᠠᠭᠤᠯᠠ ᠶ᠋ᠢᠨ ᠳᠡᠭᠡᠷ᠎ᠡ ᠡᠴᠡ ᠥᠪᠡᠷ ᠦ᠋ᠨ ᠭᠠᠭᠴᠠ ᠶ᠋ᠢ ᠬᠠᠷᠠᠭᠤᠯᠳᠠᠨ᠎ᠠ
ᠥᠷᠯᠥᠭᠡ ᠡᠷᠲᠡ ᠭᠠᠷᠤᠭᠰᠠᠨ ᠶᠤᠮ᠂ ᠡᠳᠦᠷ ᠳᠤᠮᠳᠠ ᠢᠷᠡᠨ᠎ᠡ ᠳᠠ᠃
ᠬᠣᠢᠲᠤ ᠬᠥᠨᠳᠡᠢ ᠠᠭᠤᠳᠠᠮ᠂ ᠬᠣᠶᠠᠷ ᠮᠣᠷᠢ ᠲᠠᠢ ᠭᠠᠷᠤᠭᠰᠠᠨ ᠳᠠ
ᠬᠣᠯᠠ ᠠ᠋ᠴᠠ ᠳᠠᠪᠬᠢᠭᠰᠠᠭᠠᠷ ᠢᠷᠡᠬᠦ ᠳ᠋ᠦ᠍ ᠬᠣᠭᠣᠯᠠᠢ ᠳᠡᠭᠡᠷ᠎ᠡ ᠵᠠᠩᠭᠢᠷᠠᠨ᠎ᠠ᠃
ᠬᠠᠳᠠᠨ ᠳ᠋ᠤ᠌ ᠤᠷᠭᠤᠭᠰᠠᠨ ᠴᠡᠴᠡᠭ ᠬᠠᠮᠤᠭ ᠠ᠋ᠴᠠ ᠲᠦᠷᠦᠭᠦᠨ ᠳ᠋ᠦ᠍ ᠭᠤᠨᠳᠠᠨᠠ
ᠬᠠᠳᠠᠮ ᠳ᠋ᠤ᠌ ᠣᠴᠢᠭᠰᠠᠨ ᠪᠦᠰᠡᠭᠦᠢ ᠳ᠋ᠦ᠍ ᠬᠠᠢᠷ᠎ᠠ ᠪᠠᠨ ᠶᠠᠭᠤᠨ ᠳ᠋ᠠᠭᠠᠨ ᠥᠭᠪᠡ ᠳᠡ᠃
ᠡᠯᠡᠰᠦᠨ ᠳ᠋ᠦ᠍ ᠤᠷᠭᠤᠭᠰᠠᠨ ᠴᠡᠴᠡᠭ ᠡᠬᠢᠨ ᠦ᠌ ᠵᠢᠪᠠᠷ ᠲᠤ᠌ ᠭᠤᠨᠳᠠᠨᠠ
ᠡᠬᠡᠨᠡᠷ ᠨᠡᠷ᠎ᠡ ᠲᠡᠢ ᠪᠦᠰᠡᠭᠦᠢ ᠳ᠋ᠦ᠍ ᠬᠠᠢᠷ᠎ᠠ ᠪᠠᠨ ᠶᠠᠭᠤᠨ ᠳ᠋ᠤ᠌ ᠥᠭᠪᠡ ᠳᠡ᠃
ᠳᠣᠯᠣᠭᠠᠨ ᠬᠥᠪᠡᠭᠡᠨ ᠦ᠌ ᠴᠢᠨᠠᠳᠤ ᠥᠨᠥᠴᠢᠨ ᠪᠣᠲᠣᠭᠣ ᠪᠣᠢᠯᠠᠨ᠎ᠠ
ᠳᠣᠷᠣᠨ᠎ᠠ ᠶ᠋ᠢᠨ ᠨᠠᠮᠤᠭᠤᠨ ᠠᠶᠠᠯᠭᠤ ᠰᠡᠳᠬᠢᠯ ᠦ᠋ᠨ ᠤᠲᠠᠰᠤ ᠶ᠋ᠢ ᠰᠡᠮᠡᠯᠦᠨᠡ᠃
ᠶᠢᠰᠦᠨ ᠮᠠᠩᠬᠠᠨ ᠤ᠋ ᠴᠠᠭᠠᠨ᠎ᠠ ᠴᠠᠭᠠᠨ ᠤᠨᠠᠭ᠎ᠠ ᠦᠦᠷᠰᠡᠨ᠎ᠡ
ᠶᠡᠷᠦ ᠶ᠋ᠢᠨ ᠨᠢᠭᠡᠨ ᠠᠶᠠᠯᠭᠤ ᠪᠦᠯᠢᠶᠡᠨ ᠭᠤᠨᠢᠭ ᠤᠷᠤᠰᠬᠠᠨ᠎ᠠ᠃
ᠠᠯᠴᠢᠭᠤᠷ ᠲᠤ᠌ ᠪᠣᠭᠣᠭᠰᠠᠨ ᠴᠠᠭᠠᠶ ᠢ᠋ ᠠᠮᠠᠷᠠᠭ ᠴᠢᠮ᠎ᠠ ᠠ᠋ᠴᠠ ᠪᠠᠨ ᠠᠪᠤᠭᠰᠠᠨ ᠳᠠ
ᠠᠢᠯ ᠤ᠋ᠨ ᠪᠡᠷᠢ ᠪᠣᠯᠬᠤ ᠳ᠋ᠤ᠌ ᠠᠷᠤ ᠠ᠋ᠴᠠ ᠨᠢ ᠬᠠᠷᠠᠭᠠᠳ ᠬᠣᠴᠣᠷᠤᠭᠰᠠᠨ ᠳᠠ
ᠲᠣᠷᠭᠠᠨ ᠳ᠋ᠤ᠌ ᠪᠣᠭᠣᠭᠰᠠᠨ ᠠᠶᠠᠭ᠎ᠠ ᠶ᠋ᠢ ᠲᠣᠮᠣᠭ᠎ᠠ ᠦᠭᠡᠢ ᠴᠢᠮ᠎ᠠ ᠠ᠋ᠴᠠ ᠪᠠᠨ ᠠᠪᠤᠭᠰᠠᠨ ᠳᠠ
ᠲᠣᠭᠯᠠᠵᠤ ᠪᠠᠢᠭᠠᠳ ᠶᠠᠪᠤᠬᠤ ᠳ᠋ᠤᠨᠢ ᠲᠣᠩᠭᠣᠢᠵᠤ ᠤᠬᠢᠯᠠᠭᠠᠳ ᠬᠣᠴᠣᠷᠤᠭᠰᠠᠨ ᠳᠠ᠃
ᠡᠪᠦᠭᠡᠨ ᠮᠠᠩᠬᠠᠨ ᠤ᠋ ᠨᠥᠮᠥᠷᠢ ᠳ᠋ᠦ᠍ ᠬᠣᠷᠭᠣᠳᠠᠨ ᠬᠣᠶᠠᠭᠤᠯᠠ ᠪᠠᠨ ᠰᠠᠭᠤᠳᠠᠭ ᠰᠠᠨ
ᠥᠨᠳᠥᠷ ᠠᠭᠤᠯᠠ ᠶ᠋ᠢᠨ ᠣᠷᠣᠢ ᠳ᠋ᠤ᠌ ᠪᠢ ᠭᠠᠭᠴᠠᠭᠠᠷ ᠢ᠋ᠶ᠋ᠠᠨ ᠯᠠ ᠵᠣᠭᠰᠣᠨᠠᠮ᠃
ᠰᠡᠷᠪᠡᠩ ᠦ᠋ᠨ ᠬᠠᠢᠯᠠᠰᠤ ᠪᠥᠬᠥᠯᠵᠡᠨ ᠨᠠᠮᠤᠷ ᠤ᠋ᠨ ᠰᠠᠯᠬᠢᠨ ᠳ᠋ᠤ᠌ ᠢᠰᠬᠡᠷᠦᠨ᠎ᠡ
ᠰᠡᠳᠬᠢᠯ ᠦ᠋ᠨ ᠲᠡᠩᠭᠡᠯᠢᠭ ᠠᠯᠳᠠᠷᠠᠵᠤ᠂ ᠨᠠᠢᠭᠤᠨ ᠨᠠᠢᠭᠤᠨ ᠭᠠᠩᠰᠠᠷᠠᠨ᠎ᠠ᠃
ᠬᠠᠷᠪᠤᠭᠰᠠᠨ ᠣᠳᠣᠨ ᠤ᠋ ᠭᠡᠭᠡ ᠵᠠᠮᠬᠠᠷᠠᠵᠤ ᠠᠮᠵᠢᠭ᠎ᠠ ᠦᠭᠡᠢ ᠴᠢᠯᠥᠭᠡᠨ ᠳ᠋ᠦ᠍
ᠠᠯᠬᠠ ᠶ᠋ᠢᠨ ᠰᠠᠷᠠᠭᠤᠯ ᠲᠠᠯ᠎ᠠ ᠳ᠋ᠤ᠌ ᠠᠳᠤᠭᠤ ᠢᠨᠴᠠᠭᠠᠬᠤ ᠰᠣᠨᠣᠰᠳᠠᠨ᠎ᠠ᠃
ᠲᠣᠭᠣᠷᠢᠮ ᠤ᠋ᠨ ᠴᠠᠭᠠᠨ ᠳᠠᠷᠠᠰᠤ ᠲᠣᠳᠣᠷᠠᠨ ᠪᠦᠳᠡᠭᠢᠷᠡᠨ ᠦᠵᠡᠭᠳᠡᠵᠦ
ᠲᠣᠮᠣᠭ᠎ᠠ ᠦᠭᠡᠢ ᠪᠠᠭ᠎ᠠ ᠴᠢᠮ᠎ᠠ ᠲᠠᠢ ᠪᠠᠨ ᠡᠭᠦᠪᠡᠷ ᠲᠡᠭᠦᠪᠡᠷ ᠶᠠᠪᠤᠳᠠᠭ ᠰᠠᠨ᠃
ᠬᠦᠳᠡᠩ ᠲᠠᠲᠠᠭᠰᠠᠨ ᠰᠠᠷᠢᠳᠠᠭ᠂ ᠬᠦᠢᠲᠡᠨ ᠰᠡᠷᠡᠭᠦᠨ ᠠᠮᠢᠰᠬᠤᠯ ᠲᠠᠢ
ᠬᠥᠮᠦᠨ ᠦ᠌ ᠬᠢ ᠪᠣᠯᠤᠭᠰᠠᠨ ᠠᠨᠢᠮᠠ ᠬᠦᠷᠦᠭᠡᠳ ᠢᠷᠡᠬᠦ ᠦᠭᠡᠢ ᠨᠢ ᠭᠠᠰᠠᠯᠠᠩ ᠲᠠᠢ
ᠴᠡᠴᠡᠭ ᠦ᠋ᠨ ᠳᠡᠯᠪᠡᠭᠡᠨ ᠳ᠋ᠦ᠍ ᠠᠮᠠᠷᠠᠭᠰᠠᠨ ᠴᠡᠩᠬᠡᠷ ᠶᠠᠭᠠᠨ ᠰᠠᠯᠬᠢ ᠲᠠᠢ
ᠴᠡᠩᠭᠡᠯ ᠲᠡᠢ ᠵᠤᠨ ᠤ᠋ ᠰᠠᠷ᠎ᠠ ᠨᠤᠭᠤᠳ ᠬᠦᠰᠡᠭᠡᠳ ᠢᠷᠡᠬᠦ ᠦᠭᠡᠢ ᠨᠢ ᠭᠠᠴᠢᠯᠠᠩ ᠲᠠᠢ᠃
ᠣᠷᠬᠢᠭᠠᠳ ᠶᠠᠪᠤᠭᠰᠠᠨ ᠨᠠᠮᠠᠶ᠋ᠢ ᠪᠠᠨ ᠵᠠᠪᠰᠠᠷ ᠵᠠᠢ ᠦᠭᠡᠢ ᠪᠣᠳᠣᠨ᠎ᠠ ᠳᠠ
ᠣᠶᠣᠭᠠᠳ ᠥᠭᠭᠦᠭᠰᠡᠨ ᠳᠡᠪᠡᠯ ᠢ᠋ ᠨᠢ ᠬᠠᠶᠠ ᠨᠢᠭᠡ ᠡᠮᠦᠰᠦᠨ᠎ᠡ
ᠤᠬᠢᠯᠠᠭᠠᠳ ᠶᠠᠪᠤᠭᠰᠠᠨ ᠨᠠᠮᠠᠶ᠋ᠢ ᠪᠠᠨ ᠵᠠᠪᠰᠠᠷ ᠵᠠᠢ ᠦᠭᠡᠢ ᠪᠣᠳᠣᠨ᠎ᠠ ᠳᠠ
ᠤᠷᠠᠯᠠᠭᠠᠳ ᠥᠭᠭᠦᠭᠰᠡᠨ ᠴᠠᠮᠴᠠ ᠶ᠋ᠢ ᠨᠢ ᠠᠭᠤᠴᠢᠯᠠᠵᠤ ᠨᠢᠭᠡ ᠡᠮᠦᠰᠦᠨ᠎ᠡ ᠳᠡ᠃
ᠠᠢᠯ ᠤ᠋ᠨ ᠬᠥᠮᠦᠨ ᠡᠴᠡ ᠠᠰᠠᠭᠤᠬᠤ ᠠ᠋ᠴᠠ ᠠᠶᠤᠵᠤ ᠢᠴᠢᠵᠦ ᠵᠣᠪᠠᠨ᠎ᠠ ᠳᠠ
ᠠᠷᠭᠠᠯᠢ ᠶ᠋ᠢᠨ ᠡᠪᠡᠷ ᠰᠢᠭ ᠠᠭᠤᠯᠠᠰ ᠠᠷᠬᠠᠢᠵᠤ ᠳᠠᠷᠬᠠᠢᠵᠤ ᠬᠥᠨᠳᠡᠯᠢᠳᠦᠨᠡ
ᠠᠶᠠᠨ ᠤ᠋ ᠬᠥᠮᠦᠨ ᠡᠴᠡ ᠰᠤᠷᠠᠬᠤ ᠠ᠋ᠴᠠ ᠠᠶᠤᠵᠤ ᠢᠴᠢᠵᠦ ᠵᠣᠪᠠᠨ᠎ᠠ ᠳᠠ
ᠠᠷᠰᠯᠠᠨ ᠤ᠋ ᠳᠡᠯ ᠰᠢᠭ ᠠᠭᠤᠯᠠᠰ ᠠᠷᠤ ᠡᠪᠦᠷ ᠦᠭᠡᠢ ᠬᠥᠨᠳᠡᠯᠢᠳᠦᠨᠡ᠃
ᠳᠠᠮ ᠳᠠᠮᠵᠢᠭᠤ ᠬᠥᠮᠦᠨ ᠡᠴᠡ ᠰᠤᠷᠠᠭ ᠨᠢᠭᠡᠨ ᠲᠡᠢ ᠰᠣᠨᠣᠰᠪᠠᠯ
ᠳᠠᠪᠬᠤᠷ ᠳᠠᠪᠬᠤᠷ ᠪᠠᠶᠠᠷ ᠬᠡᠳᠦᠨ ᠡᠳᠦᠷ ᠦᠷᠭᠦᠯᠵᠢᠯᠡᠨ᠎ᠡ ᠳᠡ
ᠬᠣᠯᠠ ᠳᠠᠮᠵᠢᠭᠤ ᠬᠥᠮᠦᠨ ᠡᠴᠡ ᠰᠤᠷᠠᠭ ᠨᠢᠭᠡᠨᠲᠡ ᠰᠣᠨᠣᠰᠪᠠᠯ
ᠬᠣᠨᠣᠭ ᠬᠣᠨᠣᠭ ᠪᠠᠶᠠᠷ ᠬᠡᠳᠦᠨ ᠡᠳᠦᠷ ᠦᠷᠭᠦᠯᠵᠢᠯᠡᠨ᠎ᠡ ᠳᠡ᠃
ᠮᠠᠨ ᠤ᠋ ᠨᠤᠲᠤᠭ ᠤ᠋ᠨ ᠲᠩᠷᠢ ᠮᠠᠷᠭᠠᠳ ᠡᠷᠳᠡᠨᠢ ᠶ᠋ᠢᠨ ᠥᠩᠭᠡ ᠲᠡᠢ
ᠮᠠᠭᠠᠳ ᠤ᠋ᠨ ᠠᠮᠠᠷᠠᠭ ᠬᠦᠦ ᠲᠡᠢ ᠪᠡᠨ ᠬᠡᠵᠢᠶ᠎ᠡ ᠨᠢᠭᠡ ᠠᠭᠤᠯᠵᠠᠬᠤ ᠪᠣᠯ
ᠣᠷᠴᠢᠯᠠᠩ ᠬᠣᠷᠸ᠎ᠠ ᠶ᠋ᠢᠨ ᠲᠩᠷᠢ ᠸᠴᠢᠷ ᠡᠷᠳᠡᠨᠢ ᠶ᠋ᠢᠨ ᠥᠩᠭᠡ ᠲᠡᠢ
ᠣᠷᠬᠢᠵᠤ ᠪᠣᠯᠤᠮ᠎ᠠ ᠦᠭᠡᠢ ᠬᠦᠦ ᠲᠡᠢ ᠪᠡᠨ ᠬᠡᠵᠢᠶ᠎ᠡ ᠨᠢᠭᠡ ᠠᠭᠤᠯᠵᠠᠬᠤ ᠪᠣᠯ᠃
ᠬᠤᠭᠤᠷ᠂ ᠬᠠᠭᠤᠴᠢᠷ ᠬᠣᠶᠠᠷ ᠬᠠᠭᠤᠴᠢᠯᠠᠵᠤ ᠬᠦᠦᠷᠨᠢᠨ ᠬᠦᠩᠭᠢᠨᠡᠨ᠎ᠡ
ᠬᠤᠯᠤᠰᠤᠨ ᠯᠢᠮᠪᠦ ᠶ᠋ᠢᠨ ᠡᠭᠡᠰᠢᠭ᠂ ᠡᠬᠢᠯᠡᠯ ᠲᠡᠭᠦᠰᠬᠡᠯ ᠦᠭᠡᠢ ᠣᠶᠠᠩᠭᠠᠷᠠᠨᠠ᠃
ᠬᠤᠪᠢᠯᠭᠠᠨ ᠳᠣᠷᠣᠨ᠎ᠠ ᠶ᠋ᠢᠨ ᠠᠶᠠᠯᠭᠤ ᠰᠡᠳᠬᠢᠯ ᠵᠢᠷᠦᠬᠡ ᠶ᠋ᠢ ᠬᠥᠨᠳᠡᠨ᠎ᠡ
ᠬᠤᠤᠳᠤᠤ ᠦᠭᠡᠢ ᠠᠮᠠᠷᠠᠭ ᠬᠦᠦ ᠪᠡᠨ ᠰᠠᠨᠠᠬᠤ ᠲᠣᠰᠤᠮ ᠢ᠋ᠶ᠋ᠠᠨ ᠢᠨᠠᠭᠰᠢᠨᠠ᠃
ᠬᠥᠬᠡᠯᠪᠡᠢ ᠦᠳᠡᠰᠢ ᠶ᠋ᠢᠨ ᠪᠦᠷᠦᠢ ᠳ᠋ᠦ᠍ ᠬᠥᠳᠡᠭᠡ ᠶ᠋ᠢᠨ ᠠᠭᠠᠷ ᠴᠢᠴᠢᠭᠢᠨᠡᠨᠡ
ᠬᠥᠭᠰᠢᠨ ᠤᠯᠢᠶᠠᠰᠤᠨ ᠤ᠋ ᠮᠥᠴᠢᠷ ᠲᠦ᠍ ᠡᠬᠡ ᠶ᠋ᠢᠨ ᠣᠳᠣᠳ
ᠲᠣᠷᠭᠠᠨ ᠴᠠᠭᠠᠨ ᠰᠠᠷ᠎ᠠ ᠲᠣᠮᠣ ᠭᠡᠷ ᠰᠢᠭ ᠴᠠᠢᠷᠠᠨ᠎ᠠ
ᠲᠤᠯᠤᠭᠠᠳ ᠳᠠᠮᠵᠢᠭᠰᠠᠨ ᠰᠠᠯᠬᠢ ᠲᠣᠭᠲᠠᠵᠤ ᠨᠢᠭᠡᠬᠡᠨ ᠠᠮᠠᠷᠠᠨ᠎ᠠ᠃
ᠲᠠᠷᠢᠶ᠎ᠠ ᠪᠤᠳᠠᠭ᠎ᠠ ᠤᠢᠳᠬᠤ ᠨᠠᠮᠤᠷ ᠣᠷᠣᠢ ᠶ᠋ᠢᠨ ᠴᠠᠭ ᠢ᠋ᠶ᠋ᠠᠷ
ᠳᠠᠭᠠᠨ᠎ᠠ ᠶ᠋ᠢᠨ ᠴᠡᠴᠡᠭᠡᠰ ᠭᠠᠩᠳᠠᠵᠤ᠂ ᠲᠠᠯ᠎ᠠ ᠬᠥᠨᠳᠡᠢ ᠵᠡᠭᠦᠷᠮᠡᠭᠯᠡᠨ᠎ᠡ᠃
ᠬᠦᠢᠲᠡᠨ ᠠᠭᠠᠷ ᠲᠤ᠌ ᠠᠭᠤᠰᠬᠤ ᠢᠩᠭᠡᠨ ᠦ᠌ ᠪᠤᠢᠯᠠᠭᠠᠨ ᠴᠠᠷᠴᠠᠵᠤ
ᠬᠡᠦᠷᠡᠭ ᠲᠠᠲᠠᠭᠰᠠᠨ ᠰᠥᠨᠢ ᠶ᠋ᠢᠨ ᠮᠥᠩᠭᠥᠨ ᠣᠳᠣᠳ ᠵᠢᠩᠭᠢᠨᠡᠨ᠎ᠡ᠃
ᠦᠦᠷ ᠦ᠋ᠨ ᠵᠢᠪᠠᠷ ᠲᠤ᠌ ᠰᠣᠢᠭᠰᠠᠨ ᠦᠷᠢᠶ᠎ᠡ ᠬᠡᠭᠡᠷ ᠵᠢᠪᠬᠡᠷᠴᠦ
ᠦᠳᠡᠰᠢ ᠶ᠋ᠢᠨ ᠪᠦᠷᠦᠢ ᠤᠨᠠᠬᠤ ᠳ᠋ᠤ᠌ ᠲᠡᠭᠡᠵᠦ ᠳᠡᠭᠦᠯᠢᠨ ᠠᠯᠳᠠᠨ᠎ᠠ᠃
ᠬᠠᠲᠠᠭᠤ ᠲᠡᠮᠦᠷ ᠠᠮᠠᠭᠠᠢ ᠶ᠋ᠢ ᠬᠠᠷᠭᠢᠶ᠎ᠠ ᠬᠦᠢᠲᠡᠨ ᠳ᠋ᠦ᠍ ᠵᠠᠭᠤᠯᠭᠠᠵᠤ
ᠬᠠᠯᠠᠭᠤᠨ ᠠᠮᠢᠰᠬᠤᠯᠲᠤ ᠵᠠᠪᠠᠵᠢ ᠶ᠋ᠢ ᠨᠢ ᠬᠠᠭᠠᠷᠢᠬᠤ ᠠ᠋ᠴᠠ ᠠᠶᠤᠯ ᠦᠭᠡᠢ ᠮᠣᠷᠳᠠᠨ᠎ᠠ᠃
ᠠᠩᠭᠠᠷᠠᠭ ᠬᠦᠷᠬᠦ ᠵᠠᠢ ᠶ᠋ᠢ ᠠᠤᠭ᠎ᠠ ᠠᠭᠤᠵᠢᠮ ᠳ᠋ᠤ᠌ ᠪᠣᠳᠣᠭᠰᠠᠨ ᠶᠤᠮ
ᠠᠮᠠᠷᠠᠭ ᠰᠡᠳᠬᠢᠯ ᠦ᠋ᠨ ᠵᠠᠢ ᠲᠡᠭᠦᠨ ᠡᠴᠡ ᠬᠣᠯᠠ ᠪᠠᠢᠬᠤ ᠳᠠ
ᠬᠣᠶᠠᠷ ᠰᠡᠳᠬᠢᠯ ᠦ᠋ᠨ ᠵᠠᠢ ᠠ᠋ᠴᠠ ᠬᠣᠯᠠ ᠶᠠᠭᠤᠮ᠎ᠠ ᠦᠭᠡᠢ ᠶ᠋ᠢ
ᠬᠣᠷᠸ᠎ᠠ ᠶ᠋ᠢ ᠲᠠᠨᠢᠭᠰᠠᠨ ᠮᠣᠩᠭᠣᠯᠴᠤᠳ ᠡᠷᠲᠡᠨ ᠡᠴᠡ ᠦᠨᠡᠨ ᠥᠭᠦᠯᠡᠵᠦ ᠳᠡ᠃
ᠵᠡᠭᠦᠦ ᠣᠷᠣᠬᠤ ᠵᠠᠢ ᠶ᠋ᠢ ᠬᠠᠮᠤᠭ ᠤ᠋ᠨ ᠦᠷ᠎ᠡ ᠳ᠋ᠦ᠍ ᠪᠣᠳᠣᠭᠰᠠᠨ ᠶᠤᠮ
ᠵᠢᠷᠦᠬᠡᠨ ᠦ᠌ ᠢᠨᠠᠭ ᠰᠡᠳᠬᠢᠯ ᠲᠡᠭᠦᠨ ᠡᠴᠡ ᠣᠢᠷ᠎ᠠ ᠪᠠᠢᠵᠤ ᠳᠠ
ᠵᠡᠭᠦᠳᠦᠨ ᠪᠤᠭᠤᠷᠤᠯ ᠬᠣᠷᠸ᠎ᠠ ᠳ᠋ᠤ᠌ ᠬᠣᠶᠠᠷ ᠰᠡᠳᠬᠢᠯ ᠡᠴᠡ ᠦᠷ᠎ᠡ ᠦᠭᠡᠢ ᠶ᠋ᠢ
ᠵᠦᠢᠯ ᠢ᠋ ᠲᠠᠨᠢᠭᠰᠠᠨ ᠮᠣᠩᠭᠣᠯᠴᠤᠳ ᠡᠷᠲᠡᠨ ᠡᠴᠡ ᠦᠨᠡᠨ ᠥᠭᠦᠯᠡᠵᠦ ᠳᠡ᠃
ᠬᠠᠯᠠᠭᠤᠨ ᠢᠨᠠᠭ ᠰᠡᠳᠬᠢᠯ ᠨᠢ ᠢᠮᠠᠬᠤ ᠶ᠋ᠢᠨ ᠲᠡᠳᠦᠢ ᠴᠦ᠍ ᠵᠠᠢ ᠦᠭᠡᠢ
ᠬᠠᠢᠷᠠᠲᠠᠢ ᠵᠢᠭᠠᠬᠠᠨ ᠠᠨᠢᠮᠠ ᠮᠢᠨᠦᠬᠢ ᠴᠦ᠍ ᠭᠡᠰᠡᠨ ᠬᠥᠮᠦᠨ ᠦ᠌ ᠬᠢ ᠠ᠋
ᠦᠨᠡᠨ ᠢᠨᠠᠭ ᠰᠡᠳᠬᠢᠯ ᠳ᠋ᠦ᠍ᠨᠢ ᠥᠴᠦᠬᠡᠨ ᠲᠡᠳᠦᠢ ᠴᠦ᠍ ᠵᠠᠢ ᠦᠭᠡᠢ ᠠ᠋
ᠦᠶ᠎ᠡ ᠶ᠋ᠢᠨ ᠵᠢᠭᠠᠬᠠᠨ ᠠᠨᠢᠮᠠ ᠬᠥᠮᠦᠨ ᠦ᠌ ᠬᠢ ᠴᠦ᠍ ᠭᠡᠰᠡᠨ ᠮᠢᠨᠦᠬᠢ ᠠ᠋᠃
ᠮᠥᠩᠬᠡ ᠪᠢᠰᠢ ᠨᠠᠰᠤᠨ ᠳ᠋ᠠᠭᠠᠨ ᠮᠥᠨ ᠪᠡᠶ᠎ᠡ ᠶ᠋ᠢ ᠨᠢ ᠣᠯᠤᠭᠰᠠᠨ ᠶᠤᠮ
ᠮᠥᠩᠭᠥᠨ ᠰᠠᠷᠠᠨ ᠤ᠋ ᠳᠣᠣᠷ᠎ᠠ ᠬᠦᠦᠷᠨᠢᠵᠦ ᠰᠠᠭᠤᠭᠠᠳ ᠳᠠᠰᠤᠭᠰᠠᠨ ᠶᠤᠮ
ᠡᠨᠡ ᠶᠠᠪᠤᠭ᠎ᠠ ᠨᠠᠰᠤᠨ ᠳ᠋ᠠᠭᠠᠨ ᠡᠷᠬᠡ ᠬᠣᠩᠭᠣᠷ ᠢ᠋ᠶ᠋ᠠᠨ ᠣᠯᠤᠭᠰᠠᠨ ᠶᠤᠮ
ᠡᠷᠳᠡᠨᠢ ᠶ᠋ᠢᠨ ᠨᠠᠷᠠᠨ ᠳᠣᠣᠷ᠎ᠠ ᠬᠦᠦᠷᠨᠢᠵᠦ ᠰᠠᠭᠤᠭᠠᠳ ᠳᠠᠰᠤᠭᠰᠠᠨ ᠶᠤᠮ᠃
ᠪᠥᠭᠡᠷᠡᠩᠬᠡᠢ ᠡᠨᠡ ᠬᠣᠷᠸ᠎ᠠ ᠶ᠋ᠢᠨ ᠪᠥᠭᠡᠷᠡᠨ ᠳᠡᠭᠡᠷ᠎ᠡ ᠨᠢ ᠠᠮᠢᠳᠤᠷᠠᠨ᠎ᠠ
ᠪᠥᠭᠡᠮ ᠴᠠᠭᠠᠨ ᠡᠭᠦᠯᠡ ᠰᠢᠭ ᠨᠡᠭᠦᠵᠦ ᠶᠠᠪᠤᠭᠠᠳ ᠳᠠᠭᠤᠰᠤᠨ᠎ᠠ᠃
ᠮᠠᠨᠠᠨ ᠲᠠᠢ ᠡᠨᠡ ᠣᠷᠴᠢᠯᠠᠩ ᠤ᠋ᠨ ᠮᠠᠩᠨᠠᠢ ᠳᠡᠭᠡᠷ᠎ᠡ ᠨᠢ ᠠᠮᠢᠳᠤᠷᠠᠨ᠎ᠠ
ᠮᠠᠷᠲᠠᠬᠤ ᠶ᠋ᠢᠨ ᠠᠷᠭ᠎ᠠ ᠦᠭᠡᠢ ᠠᠨᠢᠮᠠ ᠪᠠᠨ ᠬᠠᠢᠷᠠᠯᠠᠵᠤ ᠶᠠᠪᠤᠭᠠᠳ ᠳᠠᠭᠤᠰᠤᠨ᠎ᠠ᠃
ᠬᠥᠬᠡᠷᠡᠬᠦ ᠮᠥᠩᠬᠡ ᠶ᠋ᠢᠨ ᠠᠭᠤᠳᠠᠮ ᠨᠢ ᠨᠠᠷᠠᠨ ᠰᠠᠷᠠᠨ ᠴᠢᠮᠡᠭ ᠲᠡᠢ
ᠬᠥᠬᠢᠭᠡᠨ ᠳᠠᠭᠤᠨ ᠤ᠋ ᠡᠭᠡᠰᠢᠭ ᠨᠢ ᠨᠠᠮᠤᠷ ᠤ᠋ᠨ ᠰᠠᠷ᠎ᠠ ᠳ᠋ᠠᠭᠠᠨ ᠲᠠᠲᠠᠷᠠᠨᠠ
ᠬᠥᠭᠡᠷᠦᠬᠦᠨ ᠲᠥᠷᠥᠭᠰᠡᠨ ᠲᠡᠷᠡ ᠮᠢᠨᠢ ᠮᠡᠩᠭᠡ ᠰᠡᠪᠬᠡᠨ ᠴᠢᠮᠡᠭ ᠲᠡᠢ
ᠬᠥᠭᠰᠢᠷᠡᠬᠦ ᠴᠠᠭ ᠠ᠋ᠴᠠ ᠡᠮᠦᠨ᠎ᠡ ᠨᠠᠭᠠᠯᠢᠩᠬᠠᠢ ᠲᠡᠭᠦᠨ ᠳ᠋ᠡᠭᠡᠨ ᠲᠡᠰᠦᠨ᠎ᠡ᠃
ᠡᠲᠡᠭᠡᠳ ᠪᠤᠷᠤᠭᠤ ᠦᠢᠯᠡ ᠡᠴᠡ ᠵᠢᠭᠤᠲᠠᠨ ᠵᠠᠢᠯᠠᠵᠤ ᠶᠠᠪᠤᠨᠠᠮ
ᠡᠷᠳᠡᠨᠢᠲᠦ ᠬᠣᠩᠭᠣᠷ ᠴᠢᠮᠠᠶ᠋ᠢ ᠪᠠᠨ ᠰᠢᠳᠦᠨ ᠪᠢᠰᠢᠷᠡᠵᠦ ᠶᠠᠪᠤᠨᠠᠮ
ᠰᠠᠢᠨ ᠬᠤᠪᠢᠲᠤ ᠰᠢᠯᠦᠭᠴᠢ ᠶ᠋ᠢᠨ ᠰᠠᠷᠠᠭᠤᠯ ᠣᠶᠤᠨ ᠢ᠋ ᠢᠪᠡᠭᠡᠨᠡᠮ
ᠰᠠᠢᠲᠤᠷ ᠨᠣᠮᠯᠠᠭᠰᠠᠨ ᠰᠤᠷᠭᠠᠯ ᠢ᠋ ᠥᠷᠯᠥᠭᠡ ᠦᠳᠡᠰᠢ ᠦᠭᠡᠢ ᠠᠢᠯᠠᠳᠤᠨᠠᠮ᠃
ᠴᠡᠩᠭᠡᠯ ᠵᠢᠷᠭᠠᠯ ᠶᠡᠬᠡᠳᠦᠪᠡᠰᠦ ᠴᠡᠩᠭᠡᠵᠦ ᠁ ᠬᠠᠢᠷᠠᠯᠠᠨᠠᠮ
ᠴᠥᠪ ᠦ᠋ᠨ ᠴᠠᠭ ᠤ᠋ᠨ ᠦᠢᠯᠡ ᠡᠴᠡ ᠰᠡᠴᠡᠳ ᠮᠡᠷᠭᠡᠳ᠁
ᠤᠷᠠᠨ ᠢᠷᠠᠭᠤ ᠰᠢᠯᠦᠭ ᠢ᠋ᠶ᠋ᠡᠨ ᠤᠬᠠᠭᠠᠨᠲᠤ ᠠᠨᠢᠮᠠ ᠳ᠋ᠠᠭᠠᠨ ᠵᠣᠷᠢᠭᠤᠯᠤᠨᠠᠮ
ᠤᠶᠠᠩᠭ᠎ᠠ ᠨᠠᠢᠷᠠᠭ ᠤ᠋ᠨ ᠲᠩᠷᠢ᠂ ᠤᠴᠢᠷ ᠢ᠋ ᠠᠢᠯᠠᠳᠤᠨ ᠪᠣᠯᠭᠣᠭᠠᠨᠠᠮ᠃
ᠦᠯᠡᠮᠵᠢ ᠰᠠᠢᠬᠠᠨ ᠵᠢᠰᠦ ᠨᠢ ᠡᠭᠦᠯᠡᠨ ᠴᠢᠯᠥᠭᠡᠨ ᠦ᠌ ᠨᠠᠷᠠᠨ
ᠦᠵᠡᠲᠡᠯ᠎ᠡ ᠠᠷᠢᠭᠤᠨ ᠰᠡᠳᠬᠢᠯ ᠨᠢ ᠡᠭᠦᠷᠢᠳᠡ ᠶ᠋ᠢᠨ ᠦᠨᠡᠲᠡᠢ ᠨᠠᠷᠠ
ᠳᠣᠷᠣᠢᠲᠠᠬᠤ ᠦᠢᠯᠡ ᠡᠴᠡ ᠵᠠᠢᠯᠠᠭᠤᠯᠤᠭᠰᠠᠨ ᠳᠣᠲᠣᠨᠣᠬᠠᠨ ᠪᠦᠰᠡᠭᠦᠢ ᠶ᠋ᠢ ᠳᠠᠭᠤᠯᠠᠶ᠎ᠠ
ᠳᠣᠷᠣᠨ᠎ᠠ ᠶ᠋ᠢᠨ ᠮᠡᠷᠭᠡᠨ ᠤᠬᠠᠭᠠᠨ ᠢ᠋ ᠳᠣᠯᠣᠭᠠᠨ ᠦᠶ᠎ᠡ ᠳ᠋ᠡᠭᠡᠨ ᠮᠠᠭᠲᠠᠶ᠎ᠠ᠃
ᠵᠠᠳᠠᠷᠠᠨ ᠨᠠᠮᠢᠷᠠᠬᠤ ᠦᠰᠦᠨ ᠳ᠋ᠦ᠍ ᠵᠠᠯᠠᠭᠤ ᠶ᠋ᠢᠨ ᠦᠵᠡᠰᠬᠦᠯᠡᠩ ᠲᠡᠭᠦᠰ
ᠵᠠᠯᠭᠠᠨ ᠤᠨᠳᠤᠷᠬᠤ ᠦᠭᠡᠨ ᠳ᠋ᠦ᠍ᠨᠢ ᠵᠠᠪᠰᠠᠷ ᠤ᠋ᠨ᠁
ᠵᠠᠩ ᠢ᠋ᠶ᠋ᠠᠨ ᠬᠤᠪᠢᠷᠠᠭᠠᠬᠤ ᠶᠣᠰᠣ ᠨᠢ ᠽᠠᠮᠪᠤᠯᠢᠩ ᠤ᠋ᠨ ᠦᠭᠡᠨ ᠳ᠋ᠦ᠍ ᠦᠭᠡᠢ
ᠵᠠᠶᠠᠭ᠎ᠠ ᠰᠠᠢᠲᠤ ᠲᠡᠷᠡ ᠮᠢᠨᠢ ᠳᠣᠷᠣᠨ᠎ᠠ ᠶ᠋ᠢᠨ ᠥᠬᠢᠨ ᠲᠩᠷᠢ ᠠ᠋᠃
