ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠣᠣᠷᠠᠳᠤ - ᠨᠢᠭᠡ> Сүлдийн соёлын судлал – Минжуур<доод -1>
ᠳᠣᠣᠷᠠᠳᠤ ᠪᠦᠯᠦᠭ ᠂ ᠵᠢᠷᠤᠮᠠᠯ ᠰᠦᠯᠳᠡ
ᠨᠢᠭᠡ᠂ᠰᠦᠯᠳᠡ ᠶ᠋ᠢᠨ ᠵᠢᠷᠤᠮᠠᠯ ᠳᠦᠷᠢ ᠶ᠋ᠢ ᠵᠣᠬᠢᠶᠠᠨ ᠪᠦᠲᠦᠭᠡᠭᠰᠡᠨ ᠦᠨᠳᠦᠰᠦᠯᠡᠯ ᠪᠠ ᠰᠡᠳᠬᠢᠬᠦᠢ
ᠨᠢᠭᠡ ᠲᠡᠮᠳᠡᠭᠯᠡᠯ ᠨᠢ ᠳᠠᠷᠤᠢ 《ᠮᠣᠩᠭᠣᠯ ᠤ᠋ᠨ ᠨᠢᠭᠤᠴᠠ ᠲᠣᠪᠴᠢᠶᠠᠨ》᠂《ᠴᠠᠭᠠᠨ ᠲᠡᠦᠬᠡ》᠂《ᠠᠯᠲᠠᠨ ᠪᠢᠴᠢᠭ》᠂《ᠮᠣᠩᠭᠣᠯ ᠨᠢᠭᠤᠴᠠ ᠶ᠋ᠢᠨ ᠬᠡᠯᠬᠢᠶ᠎ᠡ》᠂《ᠮᠣᠩᠭᠣᠯ ᠲᠠᠬᠢᠯᠭ᠎ᠠ》 ᠵᠡᠷᠭᠡ ᠪᠢᠴᠢᠭ ᠰᠤᠳᠤᠷ ᠳᠡᠭᠡᠷᠡᠬᠢ ᠴᠠᠭᠠᠨ᠂ ᠬᠠᠷ᠎ᠠ᠂ ᠠᠯᠠᠭ ᠭᠤᠷᠪᠠᠨ ᠢᠯᠠᠭᠤᠬᠤ ᠰᠦᠯᠳᠡ ᠶ᠋ᠢᠨ ᠲᠤᠬᠠᠢ ᠲᠡᠮᠳᠡᠭᠯᠡᠯ ᠦ᠋ᠳ ᠪᠣᠯᠤᠨ᠎ᠠ᠃
ᠬᠣᠶᠠᠷ ᠡᠳ᠋ ᠦ᠋ᠨ ᠨᠢᠭᠡ ᠨᠢ ᠶᠤᠸᠠᠨ ᠤᠯᠤᠰ ᠤ᠋ᠨ ᠦᠶ᠎ᠡ ᠶ᠋ᠢᠨ ᠴᠠᠭᠠᠨ ᠪᠠ ᠠᠯᠠᠭ ᠰᠦᠯᠳᠡ ᠪᠣᠯᠤᠨ᠎ᠠ᠃ ᠨᠥᠭᠦᠭᠡ ᠨᠢᠭᠡ ᠨᠢ ᠮᠣᠩᠭᠣᠯ ᠤᠯᠤᠰ ᠲᠤ᠌ ᠲᠠᠬᠢᠵᠤ ᠪᠠᠢᠭ᠎ᠠ ᠬᠠᠷ᠎ᠠ ᠰᠦᠯᠳᠡ ᠪᠣᠯᠤᠨ᠎ᠠ᠃
ᠭᠤᠷᠪᠠᠨ ᠰᠡᠳᠬᠢᠴᠡ ᠶ᠋ᠢᠨ ᠨᠢᠭᠡ ᠨᠢ ᠰᠦᠯᠳᠡ ᠶ᠋ᠢᠨ ᠮᠠᠨᠵᠢᠯᠭ᠎ᠠ ᠳ᠋ᠤ᠌ ᠠᠭᠤᠯᠤᠭᠳᠠᠵᠤ ᠪᠠᠢᠳᠠᠭ ᠭᠣᠶᠣ ᠰᠠᠢᠬᠠᠨ ᠬᠡᠯᠪᠡᠷᠢ ᠳᠦᠷᠰᠦ ᠶ᠋ᠢ ᠢᠯᠡᠷᠡᠭᠦᠯᠦᠨ ᠵᠢᠷᠤᠬᠤ ᠰᠡᠳᠬᠢᠬᠦᠢ ᠪᠣᠯᠤᠨ᠎ᠠ᠃ ᠰᠦᠯᠳᠡ ᠶ᠋ᠢᠨ ᠮᠠᠨᠵᠢᠯᠭ᠎ᠠ ᠶ᠋ᠢ ᠠᠵᠢᠷᠭᠠᠨ ᠤ᠋ ᠳᠡᠯ ᠢ᠋ᠶ᠋ᠡᠷ ᠬᠢᠭᠰᠡᠨ ᠪᠣᠯᠬᠣᠷ ᠭᠠᠳᠠᠨ᠎ᠠ ᠪᠣᠰᠬᠠᠵᠤ ᠪᠠᠢᠭ᠎ᠠ ᠰᠦᠯᠳᠡ ᠶ᠋ᠢᠨ ᠮᠠᠨᠵᠢᠯᠭ᠎ᠠ ᠨᠢ ᠰᠠᠯᠬᠢᠨ ᠳ᠋ᠤ᠌ ᠬᠤᠢᠯᠠᠷᠠᠨ ᠬᠡᠢᠰᠪᠡᠯ ᠰᠦᠯᠳᠡ ᠳ᠋ᠦ᠍ ᠭᠱᠠᠨ ᠵᠠᠭᠤᠷ᠎ᠠ ᠶ᠋ᠢᠨ ᠡᠯᠳᠡᠪ ᠶᠠᠩᠵᠤ ᠶ᠋ᠢᠨ ᠭᠣᠶᠣ ᠰᠠᠢᠬᠠᠨ ᠬᠡᠯᠪᠡᠷᠢ ᠳᠦᠷᠰᠦ ᠪᠣᠢ ᠪᠣᠯᠳᠠᠭ᠃ ᠡᠷᠭᠦᠨ ᠪᠠᠷᠢᠵᠤ ᠪᠠᠢᠭ᠎ᠠ ᠰᠦᠯᠳᠡ ᠶ᠋ᠢᠨ ᠮᠠᠨᠵᠢᠯᠭ᠎ᠠ ᠨᠢ ᠴᠦ᠍ ᠬᠥᠮᠦᠨ ᠦ᠌ ᠦᠢᠯᠡ ᠠᠵᠢᠯᠯᠠᠭ᠎ᠠ ᠠ᠋ᠴᠠ ᠪᠣᠯᠵᠤ ᠰᠦᠯᠳᠡ ᠳ᠋ᠦ᠍ ᠮᠥᠨ ᠭᠱᠠᠨ ᠵᠠᠭᠤᠷ᠎ᠠ ᠶ᠋ᠢᠨ ᠡᠯᠳᠡᠪ ᠶᠠᠩᠵᠤ ᠶ᠋ᠢᠨ ᠭᠣᠶᠣ ᠰᠠᠢᠬᠠᠨ ᠬᠡᠯᠪᠡᠷᠢ ᠳᠦᠷᠰᠦ ᠭᠠᠷᠳᠠᠭ᠃ ᠮᠠᠨᠵᠢᠯᠭ᠎ᠠ ᠶ᠋ᠢᠨ ᠬᠥᠳᠡᠯᠦᠯᠲᠡ ᠡᠴᠡ ᠪᠣᠢ ᠪᠣᠯᠳᠠᠭ ᠡᠨᠡ ᠬᠦ᠌ ᠰᠦᠯᠳᠡ ᠶ᠋ᠢᠨ ᠭᠣᠶᠣ ᠰᠠᠢᠬᠠᠨ ᠬᠡᠯᠪᠡᠷᠢ ᠳᠦᠷᠰᠦ ᠶ᠋ᠢ ᠳᠠᠬᠢᠨ ᠣᠯᠠᠨ ᠲᠠᠯ᠎ᠠ ᠠ᠋ᠴᠠ ᠨᠢ ᠦᠵᠡᠬᠦ ᠪᠡᠷ ᠪᠣᠳᠣᠪᠠᠯ ᠳᠠᠷᠤᠢ ᠨᠡᠩ ᠣᠯᠠᠨ ᠠᠳᠠᠯᠢ ᠪᠤᠰᠤ ᠶ᠋ᠢᠨ ᠭᠣᠶᠣ ᠰᠠᠢᠬᠠᠨ ᠬᠡᠯᠪᠡᠷᠢ ᠳᠦᠷᠰᠦ ᠦᠵᠡᠭᠳᠡᠬᠦ ᠪᠣᠯᠤᠨ᠎ᠠ᠃ ᠵᠢᠷᠤᠮᠠᠯ ᠰᠦᠯᠳᠡ ᠪᠣᠯ ᠳᠠᠷᠤᠢ ᠡᠨᠡ ᠬᠦ᠌ ᠳᠦᠷᠰᠦᠯᠢᠭ ᠰᠡᠳᠬᠢᠬᠦᠢ ᠶ᠋ᠢ ᠪᠣᠳᠠᠲᠠᠢᠵᠢᠭᠤᠯᠤᠨ ᠵᠢᠷᠤᠵᠤ ᠲᠥᠯᠥᠪᠯᠡᠭᠰᠡᠨ ᠶᠦᠮ᠃ ᠰᠡᠳᠬᠢᠬᠦᠢ ᠶ᠋ᠢᠨ ᠬᠣᠶᠠᠷ ᠨᠢ ᠰᠦᠯᠳᠡ ᠶ᠋ᠢᠨ ᠪᠦᠲᠦᠴᠡ ᠡᠳ᠋ ᠢ᠋ ᠰᠤᠷᠪᠤᠯᠵᠢ ᠪᠢᠴᠢᠭ ᠦ᠋ᠨ ᠲᠡᠮᠳᠡᠭᠯᠡᠯ ᠲᠡᠢ ᠤᠳᠬ᠎ᠠ ᠠᠪᠤᠴᠠᠯᠳᠤᠭᠰᠠᠨ ᠥᠩᠭᠡ ᠪᠣᠳᠣᠭ ᠢ᠋ᠶ᠋ᠠᠷ ᠲᠣᠳᠣᠷᠠᠭᠤᠯᠤᠨ ᠵᠢᠷᠤᠬᠤ ᠰᠡᠳᠬᠢᠬᠦᠢ ᠪᠣᠯᠤᠨ᠎ᠠ᠃ ᠡᠢᠮᠦ ᠡᠴᠡ ᠬᠠᠷ᠎ᠠ ᠰᠦᠯᠳᠡ ᠪᠠ ᠠᠯᠠᠭ ᠰᠦᠯᠳᠡ ᠶ᠋ᠢᠨ ᠭᠢᠯᠣᠪᠠᠷ᠂ ᠴᠠᠭᠠᠨ ᠰᠦᠯᠳᠡ ᠶ᠋ᠢᠨ ᠰᠡᠷᠡᠭᠡ ᠬᠢᠯᠣᠪᠠᠷ᠂ ᠴᠠᠭᠠᠨ ᠰᠦᠯᠳᠡ ᠪᠠ ᠬᠠᠷ᠎ᠠ ᠰᠦᠯᠳᠡ ᠶ᠋ᠢᠨ ᠮᠠᠨᠵᠢᠯᠭ᠎ᠠ ᠶ᠋ᠢ ᠲᠣᠭᠲᠠᠭᠠᠳᠠᠭ ᠭᠠᠳᠠᠷ ᠴᠠᠭᠠᠷᠢᠭ ᠢ᠋ ᠪᠦᠷ ᠠᠯᠲᠠᠨ ᠥᠩᠭᠡ ᠪᠡᠷ ᠪᠣᠳᠣᠵᠤ᠂ ᠲᠡᠭᠦᠨ ᠢ᠋ ᠠᠯᠲᠠ ᠪᠠᠷ ᠦᠢᠯᠡᠳᠦᠭᠰᠡᠨ ᠪᠤᠶᠤ ᠰᠢᠷᠠᠭᠰᠠᠨ ᠰᠢᠭ᠋ ᠪᠣᠯᠭᠠᠭᠰᠠᠨ ᠮᠥᠷᠲᠡᠭᠡᠨ《ᠠᠯᠲᠠᠨ ᠪᠢᠴᠢᠭ》 ᠲᠡᠬᠢ 《ᠠᠯᠲᠠᠨ ᠰᠦᠯᠳᠡ ᠭᠡᠮᠡᠨ ᠨᠡᠷᠡᠢᠳᠦᠭᠰᠡᠨ》᠂ 《ᠠᠯᠲᠠ ᠮᠥᠩᠭᠥ ᠪᠡᠷ ᠴᠢᠮᠡᠭᠰᠡᠨ》 ᠭᠡᠰᠡᠨ ᠲᠡᠮᠳᠡᠭᠯᠡᠯ ᠲᠡᠢ ᠤᠳᠬ᠎ᠠ ᠠᠪᠤᠴᠠᠯᠳᠤᠭᠤᠯᠪᠠ᠃ ᠴᠠᠭᠠᠨ᠂ ᠬᠠᠷ᠎ᠠ᠂ ᠠᠯᠠᠭ ᠭᠤᠷᠪᠠᠨ ᠰᠦᠯᠳᠡ ᠶ᠋ᠢᠨ ᠴᠠᠷ᠎ᠠ ᠶ᠋ᠢᠨ ᠳᠡᠭᠡᠷ᠎ᠡ ᠨᠢᠭᠤᠷ ᠢ᠋ ᠮᠥᠩᠭᠥᠨ ᠥᠩᠭᠡ ᠪᠡᠷ ᠪᠣᠳᠣᠭᠠᠳ ᠲᠡᠭᠦᠨ ᠦ᠌ ᠮᠥᠩᠭᠥᠨ ᠡᠳ᠋ ᠪᠣᠯᠬᠤ ᠶ᠋ᠢ ᠢᠯᠡᠳᠬᠡᠭᠰᠡᠨ ᠮᠥᠷᠲᠡᠭᠡᠨ 《ᠠᠯᠲᠠᠨ ᠪᠢᠴᠢᠭ》 ᠲᠡᠬᠢ 《ᠠᠯᠲᠠ ᠮᠥᠩᠭᠥ ᠪᠡᠷ ᠴᠢᠮᠡᠭᠰᠡᠨ 》 ᠭᠡᠰᠡᠨ ᠲᠡᠮᠳᠡᠭᠯᠡᠯ ᠲᠡᠢ ᠤᠳᠬ᠎ᠠ ᠠᠪᠤᠴᠠᠯᠳᠤᠭᠤᠯᠪᠠ᠃ ᠰᠦᠯᠳᠡ ᠶ᠋ᠢᠨ ᠮᠠᠨᠵᠢᠯᠭ᠎ᠠ ᠶ᠋ᠢ ᠴᠠᠭᠠᠨ᠂ ᠬᠠᠷ᠎ᠠ ᠥᠩᠭᠡ ᠪᠡᠷ ᠪᠣᠳᠣᠭᠠᠳ ᠲᠡᠭᠦᠨ ᠢ᠋ ᠴᠠᠭᠠᠨ᠂ ᠬᠠᠷ᠎ᠠ ᠥᠩᠭᠡ ᠲᠡᠢ ᠬᠥᠬᠥᠯ ᠢ᠋ᠶ᠋ᠡᠷ ᠬᠢᠵᠡᠢ ᠭᠡᠳᠡᠭ ᠢ᠋ ᠢᠯᠡᠳᠬᠡᠭᠰᠡᠨ ᠮᠥᠷᠲᠡᠭᠡᠨ ᠪᠠᠰᠠ ᠮᠣᠩᠭᠣᠯᠴᠤᠳ ᠤ᠋ᠨ ᠤᠯᠠᠮᠵᠢᠯᠠᠯᠲᠤ ᠪᠡᠯᠭᠡᠳᠡᠯ ᠦ᠋ᠨ ᠥᠩᠭᠡ ᠳᠠᠷᠤᠢ 《ᠲᠥᠷᠥ ᠶ᠋ᠢᠨ ᠦᠢᠯᠡ ᠠᠷᠢᠭᠤᠨ ᠢ᠋ᠶ᠋ᠠᠷ ᠪᠠᠳᠠᠷᠠᠬᠤ ᠤᠳᠬ᠎ᠠ ᠲᠠᠢ ᠴᠠᠭᠠᠨ ᠥᠩᠭᠡ》 ᠪᠣᠯᠤᠨ 《ᠳᠠᠢᠰᠤᠨ ᠢ᠋ ᠠᠶᠤᠯᠭᠠᠬᠤ ᠤᠳᠬ᠎ᠠ ᠲᠠᠢ ᠳᠣᠭᠰᠢᠨ ᠬᠠᠷ᠎ᠠ ᠥᠩᠭᠡ》 ᠶ᠋ᠢ ᠨᠢ ᠤᠤᠯ ᠶᠣᠰᠣᠭᠠᠷ ᠬᠠᠳᠠᠭᠠᠯᠠᠨ ᠦᠯᠡᠳᠡᠭᠡᠪᠡ᠃ ᠰᠦᠯᠳᠡ ᠶ᠋ᠢᠨ ᠰᠢᠯᠪᠢ ᠶ᠋ᠢ ᠰᠢᠷᠣᠢ ᠶ᠋ᠢᠨ ᠰᠢᠷ᠎ᠠ ᠥᠩᠭᠡ ᠪᠡᠷ ᠪᠣᠳᠣᠵᠤ᠂ ᠬᠤᠱ᠌ᠢ ᠪᠤᠶᠤ ᠬᠤᠰᠤ ᠮᠣᠳᠣ ᠶ᠋ᠢ ᠲᠤᠩᠭᠠᠨ ᠦᠢᠯᠡᠳᠦᠭᠰᠡᠨ ᠭᠡᠳᠡᠭ ᠢ᠋ ᠢᠯᠡᠳᠬᠡᠪᠡ᠃ ᠢᠩᠭᠢᠵᠦ ᠥᠩᠭᠡ ᠪᠣᠳᠣᠭ ᠢ᠋ ᠢᠯᠭᠠᠷᠠᠭᠤᠯᠤᠨ ᠵᠢᠷᠤᠵᠤ ᠲᠥᠯᠥᠪᠯᠡᠭᠰᠡᠨ ᠡᠴᠡ ᠰᠦᠯᠳᠡ ᠶ᠋ᠢᠨ ᠬᠡᠯᠪᠡᠷᠢ ᠳᠦᠷᠰᠦ ᠶ᠋ᠢ ᠨᠢ ᠲᠣᠳᠣᠷᠠᠭᠤᠯᠤᠨ ᠰᠦᠷ ᠵᠢᠪᠬᠤᠭ᠎ᠠ ᠶ᠋ᠢ ᠨᠢ ᠨᠡᠮᠡᠭᠳᠡᠭᠦᠯᠦᠨ ᠤᠯᠠᠮ ᠦᠵᠡᠰᠬᠦᠯᠡᠩᠲᠦ ᠰᠠᠢᠬᠠᠨ ᠪᠣᠯᠭᠠᠪᠠ᠃ ᠰᠡᠳᠬᠢᠬᠦᠢ ᠶ᠋ᠢᠨ ᠭᠤᠷᠪᠠ ᠨᠢ ᠤᠯᠠᠮᠵᠢᠯᠠᠯᠲᠤ ᠲᠡᠭᠷᠢ ᠰᠢᠲᠦᠯᠭᠡ ᠶ᠋ᠢᠨ ᠤᠬᠠᠮᠰᠠᠷ ᠪᠠ ᠰᠦᠰᠦᠭ ᠪᠢᠰᠢᠷᠡᠯ ᠢ᠋ ᠬᠦᠨᠳᠦᠳᠬᠡᠨ ᠵᠢᠷᠤᠬᠤ ᠰᠡᠳᠬᠢᠬᠦᠢ ᠪᠣᠯᠤᠨ᠎ᠠ᠃ ᠡᠢᠮᠦ ᠡᠴᠡ ᠠᠯᠠᠭ ᠰᠦᠯᠳᠡ ᠶ᠋ᠢᠨ ᠬᠢᠯᠦᠪᠠᠷ ᠲᠤ᠌ ᠨᠢ ᠤᠷᠠᠯᠠᠨ ᠰᠢᠭᠢᠳᠬᠡᠭᠰᠡᠨ ᠳᠣᠬᠢᠭᠤᠷ ᠳᠣᠯᠣᠭᠠᠨ ᠣᠳᠣᠨ ᠤ᠋ ᠪᠤᠲᠠ ᠪᠡᠶ᠎ᠡ (ᠪᠤᠶᠤ ᠪᠦᠷᠢᠯᠸ᠎ᠠ) ᠮᠥᠨ ᠭᠡᠵᠦ ᠦᠵᠡᠳᠡᠭ ᠡᠷᠲᠡᠨ ᠦ᠌ ᠬᠥᠮᠦᠨ ᠦ᠌ ᠲᠡᠭᠷᠢ ᠰᠢᠲᠦᠯᠭᠡ ᠶ᠋ᠢᠨ ᠤᠬᠠᠮᠰᠠᠷ ᠢ᠋ ᠬᠠᠷᠠᠭᠤᠯᠪᠠ᠃ ᠴᠠᠭᠠᠨ ᠰᠦᠯᠳᠡ ᠶ᠋ᠢᠨ ᠰᠡᠷᠡᠭᠡ ᠭᠢᠯᠦᠪᠠᠷ ᠤ᠋ᠨ ᠲᠣᠨᠣᠯᠵᠢᠨ ᠬᠡᠰᠡᠭ ᠳᠡᠭᠡᠷᠡᠬᠢ ᠨᠠᠷᠠ ᠰᠠᠷᠠᠨ ᠤ᠋ ᠳᠦᠷᠰᠦ ᠶ᠋ᠢ ᠴᠠᠭᠠᠨ ᠰᠦᠯᠳᠡ ᠶ᠋ᠢᠨ ᠠᠷᠤ ᠶ᠋ᠢᠨ ᠦᠵᠡᠭᠳᠡᠯ ᠪᠣᠯᠭᠠᠨ ᠲᠣᠮᠣᠷᠠᠭᠤᠯᠤᠨ ᠵᠢᠷᠤᠭᠠᠳ ᠡᠷᠲᠡᠨ ᠦ᠌ ᠬᠥᠮᠦᠨ ᠦ᠌ ᠤᠯᠠᠭᠠᠨ ᠨᠠᠷᠠᠨ ᠲᠡᠭᠷᠢ᠂ ᠴᠡᠯᠮᠡᠨ ᠰᠠᠷᠠᠨ ᠲᠡᠭᠷᠢ ᠭᠡᠬᠦ ᠮᠡᠲᠦ ᠶ᠋ᠢᠨ ᠲᠡᠭᠷᠢ ᠶ᠋ᠢᠨ ᠰᠢᠲᠦᠯᠭᠡ ᠶ᠋ᠢᠨ ᠤᠬᠠᠮᠰᠠᠷ ᠢ᠋ ᠢᠯᠡᠳᠬᠡᠭᠰᠡᠨ ᠪᠥᠭᠡᠳ 《ᠠᠯᠲᠠᠨ ᠪᠢᠴᠢᠭ》 ᠲᠡᠬᠢ 《ᠨᠠᠷᠠᠨ ᠰᠠᠷᠠᠨ ᠢᠵᠠᠭᠤᠷᠲᠤ》 ᠭᠡᠰᠡᠨ ᠲᠡᠮᠳᠡᠭᠯᠡᠯ ᠲᠡᠢ ᠤᠳᠬ᠎ᠠ ᠨᠡᠢᠴᠡᠭᠦᠯᠪᠡ᠃ ᠬᠠᠷ᠎ᠠ ᠰᠦᠯᠳᠡ ᠶ᠋ᠢᠨ ᠭᠢᠯᠦᠪᠠᠷ ᠤ᠋ᠨ ᠪᠥᠮᠪᠥᠭᠡᠷ ᠳᠡᠭᠡᠷᠡᠬᠢ ᠥᠯᠵᠡᠢ ᠵᠠᠩᠭᠢᠶ᠎ᠠ ᠶ᠋ᠢ ᠬᠠᠷ᠎ᠠ ᠰᠦᠯᠳᠡ ᠶ᠋ᠢᠨ ᠠᠷᠤ ᠶ᠋ᠢᠨ ᠦᠵᠡᠭᠳᠡᠯ ᠪᠣᠯᠭᠠᠨ ᠲᠣᠮᠣᠷᠠᠭᠤᠯᠤᠨ ᠵᠢᠷᠤᠭᠠᠳ 《ᠥᠯᠵᠡᠢ ᠪᠡᠯᠭᠡ ᠥᠨᠢᠳᠡ ᠣᠷᠣᠰᠢᠭᠰᠠᠨ》 ᠭᠡᠰᠡᠨ ᠰᠢᠲᠦᠯᠭᠡ ᠶ᠋ᠢᠨ ᠤᠬᠠᠮᠰᠠᠷ ᠢ᠋ ᠢᠯᠡᠳᠬᠡᠪᠡ᠃
