ᠥᠨᠳᠥᠷ ᠬᠠᠯᠢᠭᠤᠨ ᠮᠣᠷᠢ -ᠰᠡᠴᠡᠨᠪᠢᠯᠢᠭÖndör khaliun mori-Setsnbileg Өндөр халиун морь-Сэцнбилэг
ᠥᠨᠳᠥᠷ ᠬᠠᠯᠢᠭᠤᠨ ᠮᠣᠷᠢ
ᠦᠭᠡ᠄ ᠣᠶᠤᠨᠴᠢᠮᠡᠭ
ᠠᠶ᠎ᠠ᠄ ᠷᠠᠰᠢᠺᠸᠨ
ᠳᠠᠭᠤᠴᠢᠨ᠄ ᠰᠡᠴᠡᠨᠪᠢᠯᠢᠭ
ᠴᠡᠩᠭᠡᠭᠦᠨ ᠦᠳᠡᠰᠢ ᠶ᠋ᠢᠨ ᠰᠡᠷᠢᠭᠦᠨ ᠪᠣᠷᠣᠭ᠎ᠠ ᠪᠣᠯᠤᠭᠰᠠᠨ
ᠴᠢᠭ ᠦᠭᠡᠢ ᠰᠡᠳᠬᠢᠯ ᠦ᠋ᠨ ᠲᠥᠭᠡᠷᠢᠭᠰᠡᠨ ᠠᠶᠠᠯᠭᠤ ᠲᠠᠢ
ᠴᠡᠯᠮᠡᠭᠦᠨ ᠰᠥᠨᠢ ᠶ᠋ᠢᠨ ᠠᠯᠳᠠᠩᠬᠠᠨ ᠠᠶᠠᠰ ᠪᠣᠯᠤᠭᠰᠠᠨ
ᠴᠢᠩ ᠬᠠᠢᠷ᠎ᠠ ᠶ᠋ᠢᠨ ᠳᠤᠯᠠᠭᠠᠬᠠᠨ ᠪᠣᠯᠵᠣᠭ᠎ᠠ
ᠥᠨᠳᠥᠷ ᠬᠠᠯᠢᠭᠤᠨ ᠮᠣᠷᠢ ᠪᠠᠨ ᠤᠨᠤᠭᠠᠳ ᠬᠦ
ᠦᠷᠭᠦᠨ᠎ᠡ ᠭᠡᠮᠡᠨ ᠰᠠᠨᠠᠭᠰᠠᠨ ᠦᠭᠡᠢ ᠳᠡ ᠬᠦ
ᠥᠰᠬᠦ ᠪᠠᠭ᠎ᠠ ᠨᠠᠰᠤᠨ ᠳ᠋ᠠᠭᠠᠨ
ᠢᠩᠭᠢᠨ᠎ᠡ ᠭᠡᠮᠡᠨ ᠰᠠᠨᠠᠭᠰᠠᠨ ᠦᠭᠡᠢ ᠳᠡ ᠬᠦ
ᠬᠠᠷ᠎ᠠ ᠬᠠᠯᠢᠭᠤᠨ ᠮᠣᠷᠢ ᠪᠠᠨ ᠤᠨᠤᠭᠠᠳ ᠬᠦ
ᠬᠠᠯᠭᠢᠨᠠ ᠭᠡᠮᠡᠨ ᠰᠠᠨᠠᠭᠰᠠᠨ ᠦᠭᠡᠢ ᠳᠡ ᠬᠦ
ᠬᠠᠨᠢᠯᠠᠬᠤ ᠶ᠋ᠢᠨ ᠦᠵᠦᠭᠦᠷ ᠨᠠᠰᠤᠨ ᠳ᠋ᠠᠭᠠᠨ
ᠬᠠᠷᠭᠤᠯᠳᠤᠨᠠ ᠭᠡᠮᠡᠨ ᠰᠠᠨᠠᠭᠰᠠᠨ ᠦᠭᠡᠢ ᠳᠡ ᠬᠦ
ᠨᠠᠷᠠ ᠰᠢᠭ᠋ ᠢᠯᠴᠢ ᠲᠡᠢ ᠳᠤᠷᠠᠯᠠᠯ ᠭᠡᠵᠦ ᠪᠠᠢᠳᠠᠭ ᠶᠤᠮ ᠠ᠋
ᠨᠠᠳᠠ ᠳ᠋ᠠᠭᠠᠨ ᠴᠢ ᠮᠢᠨᠢ ᠡᠷᠭᠢᠭᠡᠳ ᠢᠷᠡᠪᠡ ᠤᠤ
ᠨᠠᠷᠭᠢᠵᠤ ᠶᠠᠪᠤᠬᠤ ᠵᠠᠯᠠᠭᠤ ᠨᠠᠰᠤᠨ ᠳ᠋ᠠᠭᠠᠨ
ᠨᠠᠨᠳᠢᠨ ᠬᠠᠢᠷ᠎ᠠ ᠪᠠᠨ ᠳᠡᠭᠡᠳᠦᠯᠡᠵᠦ ᠶᠠᠪᠤᠶ᠎ᠠ ᠳᠠ
ᠳᠡᠷᠡᠰᠦᠨ ᠦ᠌ ᠲᠠᠤᠯᠠᠢ ᠣᠯᠠᠨ ᠪᠣᠯᠪᠠᠴᠤ
ᠳᠡᠷᠭᠡᠳᠡ ᠡᠴᠡ ᠪᠣᠰᠬᠤ ᠶ᠋ᠢ ᠮᠡᠳᠡᠭᠰᠡᠨ ᠦᠭᠡᠢ ᠳᠡ ᠬᠦ
ᠲᠠᠩᠬᠢᠯ ᠪᠠᠭ᠎ᠠ ᠨᠠᠰᠤᠨ ᠳ᠋ᠠᠭᠠᠨ
ᠲᠠᠨᠢᠭ᠎ᠠ ᠦᠭᠡᠢ ᠶᠠᠪᠤᠵᠤ ᠤᠤ ᠳᠠ ᠬᠦ
ᠬᠠᠳᠠᠨ ᠤ᠋ ᠲᠠᠤᠯᠠᠢ ᠣᠯᠠᠨ ᠪᠣᠯᠪᠠᠴᠤ
ᠬᠠᠵᠠᠭᠤ ᠠ᠋ᠴᠠ ᠪᠣᠰᠬᠤ ᠶ᠋ᠢ ᠮᠡᠳᠡᠭᠰᠡᠨ ᠦᠭᠡᠢ ᠳᠡ ᠬᠦ
ᠬᠠᠷᠠᠬᠠᠨ ᠪᠠᠭ᠎ᠠ ᠨᠠᠰᠤᠨ ᠳ᠋ᠠᠭᠠᠨ
ᠬᠠᠢᠷᠠᠯᠠᠭᠤᠯᠵᠤ ᠳᠤᠷᠠᠯᠠᠭᠤᠯᠵᠤ ᠯᠠ ᠶᠠᠪᠤᠨ᠎ᠠ ᠤᠤ ᠳᠠ ᠬᠦ
ᠲᠣᠭᠲᠠᠭᠤᠨ ᠨᠠᠮᠵᠢᠭᠤᠨ ᠬᠠᠷᠠᠴᠠᠨ ᠳ᠋ᠤ᠌ ᠴᠢᠨᠢ
ᠲᠠᠩᠬᠢᠯᠬᠠᠨ ᠪᠡᠶ᠎ᠡ ᠮᠢᠨᠢ ᠳᠣᠭᠳᠣᠯᠵᠤ ᠰᠠᠭᠤᠭᠰᠠᠨ
ᠲᠡᠷᠭᠡᠯ ᠰᠠᠷ᠎ᠠ ᠲᠠᠢ ᠨᠠᠮᠤᠭᠤᠬᠠᠨ ᠰᠥᠨᠢ ᠪᠡᠷ
ᠲᠩᠷᠢ ᠶ᠋ᠢᠨ ᠳᠣᠣᠷ᠎ᠠ ᠤᠶᠠᠷᠠᠩᠬᠠᠨ ᠳᠠᠭᠤᠯᠠᠭᠰᠠᠨ
ᠰᠠᠷ᠎ᠠ ᠰᠢᠭ᠋ ᠭᠡᠭᠡᠨ ᠬᠠᠢᠷ᠎ᠠ ᠭᠡᠵᠦ ᠪᠠᠢᠳᠠᠭ ᠶᠤᠮ
ᠦᠰᠦᠭ ᠠᠮᠢᠯᠠᠭᠤᠯᠤᠭᠰᠠᠨ ᠨᠢ ᠠᠯᠲᠠᠨᠴᠢᠮᠡᠭ
