ᠴᠢᠩ ᠢᠷᠥᠭᠡᠯᠲᠦ ᠱᠦᠭᠦᠷᠬᠡᠢ - ᠠᠰᠬᠠᠨChin yeröölt shüürkhii-AskhanЧин ерөөлт шүүрхий-Асхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠩ ᠢᠷᠥᠭᠡᠯᠲᠦ ᠱᠦᠭᠦᠷᠬᠡᠢ - ᠠᠰᠬᠠᠨChin yeröölt shüürkhii-AskhanЧин ерөөлт шүүрхий-Асхан

ᠴᠢᠩ ᠢᠷᠥᠭᠡᠯᠲᠦ ᠱᠦᠭᠦᠷᠬᠡᠢ - ᠠᠰᠬᠠᠨChin yeröölt shüürkhii-AskhanЧин ерөөлт шүүрхий-Асхан

ᠠᠩᠭᠢᠯᠠᠯ:ᠳᠠᠭᠤᠤ ᠬᠥᠭᠵᠢᠮ
2026-03-02

756

ᠴᠢᠩ ᠢᠷᠥᠭᠡᠯᠲᠦ ᠱᠦᠭᠦᠷᠬᠡᠢ

 
   ᠦᠭᠡ᠂ ᠠᠶ᠎ᠠ ᠄ ᠬᠠᠳᠢᠬᠡᠨ  ᠠᠰᠬᠠᠨ     
   ᠳᠠᠭᠤᠴᠢᠨ᠄ ᠠᠰᠬᠠᠨ     
   ᠤᠷᠲᠤ ᠶ᠋ᠢᠨ ᠳᠠᠭᠤᠤ ᠬᠠᠪᠰᠤᠷᠤᠯ᠄ ᠴᠣᠯᠮᠣᠨ     
   ᠮᠣᠷᠢᠨ ᠬᠤᠭᠤᠷ᠄ ᠴᠣᠭ     
   ᠬᠥᠭᠵᠢᠮ ᠨᠠᠢᠷᠠᠭᠤᠯᠭ᠎ᠠ᠄ ᠰᠦᠯᠳᠡ     
   ᠰᠢᠩᠭᠡᠬᠡᠨ ᠨᠡᠢᠳᠬᠡᠭᠰᠡᠨ᠄ ᠰᠦᠯᠳᠡ   

ᠲᠩᠷᠢᠯᠢᠭ ᠵᠠᠭᠤᠨ ᠤ᠋ ᠳᠣᠮᠣᠭ ᠲᠡᠭᠡᠭᠡᠭᠰᠡᠨ  
ᠲᠡᠩᠭᠡᠯᠢᠭᠲᠦ ᠬᠠᠰᠠᠭ ᠤ᠋ᠨ ᠬᠥᠳᠡᠭᠡ ᠮᠢᠨᠢ   
ᠲᠡᠨᠢᠭᠦᠨ ᠪᠠᠢᠭᠠᠯᠢ ᠶ᠋ᠢᠨ ᠬᠡᠢ ᠲᠡᠢ ᠶᠤᠮ   
ᠳᠡᠯᠡᠬᠡᠢ ᠳ᠋ᠦ᠍ ᠠᠯᠳᠠᠷ ᠴᠤᠤ ᠲᠠᠢ ᠪᠢᠯᠡ  
ᠳᠡᠯᠡᠬᠡᠢ ᠳ᠋ᠦ᠍ ᠠᠯᠳᠠᠷ ᠴᠤᠤ ᠲᠠᠢ ᠪᠢᠯᠡ  
ᠳᠡᠯᠭᠡᠷ ᠨᠤᠲᠤᠭ ᠱᠦᠭᠦᠷᠬᠡᠢ ᠮᠢᠨᠢ ᠳᠡ   

ᠪᠤᠭᠤᠷᠤᠯ ᠳᠡᠭᠡᠳᠦ ᠶ᠋ᠢᠨ ᠬᠡᠰᠢᠭ ᠲᠣᠭᠲᠠᠭᠰᠠᠨ 
ᠪᠤᠷᠬᠠᠨ ᠣᠪᠣᠭ᠎ᠠ ᠳᠠᠪᠤᠰᠤᠨ ᠨᠠᠭᠤᠷ ᠮᠢᠨᠢ  
ᠪᠤᠶᠠᠨ ᠬᠤᠷᠠᠭᠰᠠᠨ ᠰᠦᠮ᠎ᠡ ᠲᠡᠢ ᠶᠤᠮ  
ᠪᠣᠯᠪᠠᠰᠤᠨ ᠲᠠᠩᠰᠤᠭ ᠨᠡᠷ᠎ᠡ ᠲᠡᠢ ᠪᠢᠯᠡ 
ᠪᠣᠯᠪᠠᠰᠤᠨ ᠲᠠᠩᠰᠤᠭ ᠨᠡᠷ᠎ᠡ ᠲᠡᠢ ᠪᠢᠯᠡ 
ᠪᠤᠶᠠᠨᠲᠠᠢ ᠨᠤᠲᠤᠭ ᠱᠦᠭᠦᠷᠬᠡᠢ  ᠮᠢᠨᠢ ᠳᠡ   

ᠣᠷᠭᠢᠯ ᠲᠡᠭᠷᠢ ᠨᠢ ᠬᠥᠬᠡᠮᠳᠦᠭ  ᠰᠠᠢᠬᠠᠨ 
ᠣᠩᠭᠣᠨ ᠣᠪᠣᠭ᠎ᠠ ᠤᠯᠠᠭᠠᠨᠨᠠᠭᠣᠷ ᠮᠢᠨᠢ 
ᠤᠳᠤᠮᠲᠠᠢ ᠮᠠᠯᠴᠢᠳ ᠨᠢ ᠠᠵᠢᠯᠴᠢ ᠶᠤᠮ  
ᠤᠯᠤᠰ ᠣᠷᠣᠨ ᠳ᠋ᠠᠭᠠᠨ ᠵᠢᠱ᠌ᠢᠶᠡᠴᠢ ᠪᠢᠯᠡ 
ᠣᠷᠭᠢᠯ ᠲᠡᠭᠷᠢ ᠨᠢ ᠬᠥᠬᠡᠮᠳᠦᠭ  ᠰᠠᠢᠬᠠᠨ 
ᠣᠳᠣᠲᠠᠢ ᠨᠤᠲᠤᠭ ᠱᠦᠭᠦᠷᠬᠡᠢ  ᠮᠢᠨᠢ ᠳᠡ  

ᠢᠷᠥᠭᠡᠯ ᠲᠡᠢ ᠨᠤᠲᠤᠭ ᠱᠦᠭᠦᠷᠬᠡᠢ  ᠮᠢᠨᠢ 
ᠴᠢᠩ ᠢᠷᠥᠭᠡᠯᠲᠦ ᠱᠦᠭᠦᠷᠬᠡᠢ ᠮᠢᠨᠢ ᠳᠡ    

  ᠦᠰᠦᠭ ᠠᠮᠢᠯᠠᠭᠤᠯᠤᠭᠴᠢ᠄ ᠪᠤᠯᠠᠭ  
  ᠦᠰᠦᠭ ᠬᠠᠳᠠᠭᠴᠢ᠄ ᠪᠠᠢ ᠰᠠᠷᠠᠨ᠎ᠠ