ᠭᠠᠢᠬᠠᠮᠰᠢᠭ - ᠵᠠᠯᠠᠢᠷᠳᠠᠢ ᠮᠥᠩᠬᠡᠲᠣᠭᠲᠠᠬᠤГайхамшиг- Залайртай Мөнхтогтох
ᠭᠠᠢᠬᠠᠮᠰᠢᠭ
ᠵᠣᠬᠢᠶᠠᠭᠴᠢ᠄ ᠵᠠᠯᠠᠢᠷᠲᠠᠢ ᠮᠥᠩᠬᠡᠲᠣᠭᠲᠠᠬᠤ
ᠤᠶᠠᠩᠭᠠᠯᠠᠭᠴᠢ᠄ ᠰᠣᠳᠣᠨᠵᠤᠯᠠ
ᠪᠤᠭᠤᠷᠤᠯ ᠤ᠋ᠨ ᠤᠬᠠᠭᠠᠨ ᠪᠣᠯᠬᠣᠷ ᠴᠠᠭᠠᠨ ᠲᠣᠯᠣᠭᠠᠢ ᠭᠡᠨ᠎ᠡ
ᠪᠣᠰᠤᠭ᠎ᠠ ᠪᠢᠴᠢᠳᠡᠭ ᠪᠣᠯᠬᠣᠷ ᠭᠤᠷᠪᠠᠨ ᠬᠤᠪᠢᠷᠠᠯ ᠭᠡᠨ᠎ᠡ
ᠰᠣᠨᠣᠰᠬᠤ ᠳ᠋ᠤ᠌ ᠢᠷᠠᠭᠤ ᠪᠣᠯᠬᠣᠷ ᠡᠭᠡᠰᠢᠭ ᠭᠡᠨ᠎ᠡ
ᠰᠡᠳᠬᠢᠯ ᠢ᠋ ᠭᠡᠷᠡᠯᠲᠦᠭᠦᠯᠳᠡᠭ ᠪᠣᠯᠬᠣᠷ ᠭᠡᠢᠭᠦᠯᠦᠭᠴᠢ ᠭᠡᠨ᠎ᠡ
ᠬᠠᠲᠠᠭᠤ ᠳ᠋ᠤ᠌ ᠬᠠᠲᠠᠭᠤ ᠪᠣᠯᠬᠣᠷ ᠬᠠᠲᠠᠭᠤ ᠳᠡᠪᠢᠰᠬᠡᠷ ᠭᠡᠨ᠎ᠡ
ᠵᠥᠭᠡᠯᠡᠨ ᠳ᠋ᠦ᠍ ᠵᠥᠭᠡᠯᠡᠨ ᠪᠣᠯᠬᠣᠷ ᠵᠥᠭᠡᠯᠡᠨ ᠳᠡᠪᠢᠰᠬᠡᠷ ᠭᠡᠨ᠎ᠡ
ᠬᠠᠨ ᠬᠣᠷᠸ᠎ᠠ ᠳ᠋ᠤ᠌ ᠠᠮᠢᠳᠤᠷᠠᠬᠤ ᠶ᠋ᠢᠨ ᠤᠬᠠᠭᠠᠨ ᠵᠢᠭᠠᠭᠰᠠᠨ
ᠬᠣᠶᠠᠷ ᠶᠠᠩᠵᠤ ᠶ᠋ᠢᠨ ᠳᠡᠪᠢᠰᠬᠡᠷ ᠦᠰᠦᠭ ᠭᠡᠨ᠎ᠡ
ᠳᠣᠯᠣᠭᠠᠨ ᠣᠷᠣᠨ ᠤ᠋ ᠲᠡᠢᠨ ᠢᠯᠭᠠᠯ ᠨᠢ
ᠳᠣᠲᠣᠷ᠎ᠠ ᠳᠣᠲᠣᠷ᠎ᠠ ᠪᠠᠨ ᠤᠴᠢᠷ ᠤᠳᠬ᠎ᠠ ᠲᠠᠢ
ᠦᠭᠡ ᠶ᠋ᠢ ᠬᠡᠯᠡᠵᠦ ᠥᠭᠦᠯᠡᠪᠦᠷᠢ ᠵᠣᠬᠢᠶᠠᠬᠤ ᠳ᠋ᠤ᠌
ᠥᠪᠡᠷ ᠥᠪᠡᠷ ᠦ᠋ᠨ ᠡᠭᠦᠷᠭᠡ ᠲᠤᠰᠢᠶᠠᠯ ᠲᠠᠢ
ᠭᠠᠢᠬᠠᠮᠰᠢᠭ ᠭᠡᠳᠡᠭ ᠬᠡᠯᠡᠨ ᠳ᠋ᠦ᠍ ᠪᠠᠢᠳᠠᠭ
ᠭᠠᠯᠪᠠ ᠳ᠋ᠤ᠌ ᠭᠠᠭᠴᠠ ᠪᠣᠰᠤᠭ᠎ᠠ ᠪᠠᠢᠳᠠᠭ
ᠠᠮᠠᠨ ᠳᠣᠲᠣᠷ᠎ᠠ ᠬᠡᠯᠡ ᠪᠠᠢᠳᠠᠭ
ᠠᠶᠤᠤᠯᠢᠬᠠᠢ ᠳᠣᠲᠣᠷ᠎ᠠ ᠵᠢᠷᠦᠬᠡ ᠪᠠᠢᠳᠠᠭ ᠁
ᠢᠷᠡᠯᠲᠡ᠄ ᠰᠦᠯᠵᠢᠶ᠎ᠡ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
