ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-15> Сүлдийн соёлын судлал – Минжуур<дээд-15> ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-15> Сүлдийн соёлын судлал – Минжуур<дээд-15>

ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-15> Сүлдийн соёлын судлал – Минжуур<дээд-15>

ᠠᠩᠭᠢᠯᠠᠯ:ᠵᠠᠩ ᠦᠢᠯᠡ
2026-03-01

122

ᠶᠤᠸᠠᠨ ᠤᠯᠤᠰ ᠤ᠋ᠨ ᠬᠢᠮᠡᠯ ᠴᠠᠭᠠᠨ ᠲᠤᠭ (ᠰᠦᠯᠳᠡ) ᠶ᠋ᠢᠨ ᠪᠦᠲᠦᠴᠡ ᠡᠳ᠋ ᠢ᠋ ᠲᠣᠳᠣᠷᠠᠭᠤᠯᠤᠨ ᠥᠭᠦᠯᠡᠬᠦ ᠨᠢ


      【ᠠᠭᠤᠯᠭ᠎ᠠ ᠶ᠋ᠢᠨ ᠲᠣᠪᠴᠢ】《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》 ᠨᠢ 
                 ᠬᠤᠪᠢᠯᠠᠢ ᠬᠠᠭᠠᠨ ᠶᠤᠸᠠᠨ ᠤᠯᠤᠰ ᠢ᠋ ᠪᠠᠢᠭᠤᠯᠬᠤ ᠳ᠋ᠤ᠌ ᠶᠡᠬᠡ ᠮᠣᠩᠭᠣᠯ ᠤᠯᠤᠰ ᠤ᠋ᠨ 
                 ᠲᠥᠷᠥ ᠶ᠋ᠢᠨ ᠴᠠᠭᠠᠨ ᠲᠤᠭ ᠢ᠋ ᠵᠠᠯᠭᠠᠮᠵᠢᠯᠠᠨ ᠠᠪᠴᠤ᠂ ᠶᠤᠸᠠᠨ ᠤᠯᠤᠰ ᠤ᠋ᠨ 
                 ᠲᠥᠷᠥ ᠶ᠋ᠢᠨ ᠪᠡᠯᠭᠡ ᠲᠡᠮᠳᠡᠭ ᠢ᠋ᠶ᠋ᠡᠨ  ᠪᠣᠯᠭᠠᠭᠰᠠᠨ ᠭᠡᠳᠡᠭ ᠨᠤᠲᠠᠯᠠᠯᠲᠠ ᠶ᠋ᠢᠨ 
                 ᠵᠥᠪ ᠪᠣᠯᠬᠤ ᠶ᠋ᠢ ᠤᠯᠠᠮ ᠴᠢᠨᠠᠭᠰᠢᠳᠠ ᠭᠡᠷᠡᠴᠢᠯᠡᠵᠦ ᠪᠠᠢᠨ᠎ᠠ᠃
                 ᠡᠢᠮᠦ ᠡᠴᠡ ᠲᠤᠰ ᠥᠭᠦᠯᠡᠯ ᠳ᠋ᠦ᠍ ᠶᠡᠬᠡ ᠶᠤᠸᠠᠨ ᠤᠯᠤᠰ ᠨᠢ ᠴᠠᠭᠠᠨ ᠲᠤᠭ ᠢ᠋ᠶ᠋ᠠᠷ 
                 ᠲᠥᠷᠥ ᠶ᠋ᠢᠨ ᠪᠡᠯᠭᠡ ᠲᠡᠮᠳᠡᠭ ᠢ᠋ᠶ᠋ᠡᠨ ᠪᠣᠯᠭᠠᠭᠰᠠᠨ ᠪᠠ ᠡᠰᠡᠬᠦ ᠶ᠋ᠢ ᠥᠭᠦᠯᠡᠬᠦ ᠪᠢᠰᠢ᠂ 
                 ᠬᠠᠷᠢᠨ《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》 ᠶ᠋ᠢᠨ ᠳᠡᠭᠡᠷᠡᠬᠢ 
                 ᠰᠡᠢᠯᠦᠮᠡᠯ ᠴᠠᠭᠠᠨ ᠲᠤᠭ ᠤ᠋ᠨ ᠳᠦᠷᠢ ᠶ᠋ᠢ ᠵᠠᠳᠠᠯᠤᠨ ᠰᠢᠨᠵᠢᠯᠡᠬᠦ ᠪᠡᠷ ᠳᠠᠮᠵᠢᠨ᠂ 
                 ᠶᠤᠸᠠᠨ ᠤᠯᠤᠰ ᠤ᠋ᠨ ᠬᠢᠮᠡᠯ ᠴᠠᠭᠠᠨ ᠲᠤᠭ ᠤ᠋ᠨ ᠪᠦᠲᠦᠴᠡ ᠶ᠋ᠢ ᠲᠣᠳᠣᠷᠠᠭᠤᠯᠤᠨ 
                 ᠥᠭᠦᠯᠡᠬᠦ ᠪᠣᠯᠤᠨ᠎ᠠ᠃ ᠬᠢᠮᠡᠯ ᠴᠠᠭᠠᠨ ᠲᠤᠭ ᠤ᠋ᠨ ᠪᠦᠲᠦᠴᠡ ᠨᠢ 
                 ᠤᠯᠠᠮᠵᠢᠯᠠᠯᠲᠤ ᠦᠢᠯᠡᠳᠬᠦ ᠰᠣᠶᠣᠯ ᠤ᠋ᠨ ᠴᠢᠬᠤᠯᠠ ᠨᠢᠭᠡᠨ ᠠᠭᠤᠯᠭ᠎ᠠ ᠪᠣᠯᠬᠣᠷ 
                 ᠬᠣᠢᠰᠢᠳᠠ ᠬᠢᠮᠡᠯ ᠴᠠᠭᠠᠨ ᠲᠤᠭ᠂ ᠴᠢᠨᠠᠭᠰᠢᠯᠠᠪᠠᠯ ᠵᠢᠷᠤᠮᠠᠯ᠂ ᠱᠤᠭᠤᠮᠠᠯ ᠪᠣᠯᠤᠨ 
                 ᠰᠡᠢᠯᠦᠮᠡᠯ ᠴᠠᠭᠠᠨ ᠲᠤᠭ ᠢ᠋ ᠤᠯᠠᠮᠵᠢᠯᠠᠯᠲᠤ ᠦᠢᠯᠡᠳᠬᠦ ᠰᠣᠶᠣᠯ ᠢ᠋ᠶ᠋ᠠᠷ ᠨᠢ 
                 ᠦᠢᠯᠡᠳᠦᠨ ᠪᠦᠲᠦᠭᠡᠬᠦ ᠳ᠋ᠦ᠍ ᠴᠢᠬᠤᠯᠠ ᠠᠴᠢ ᠬᠣᠯᠪᠣᠭᠳᠠᠯ ᠲᠠᠢ᠃ 
     【ᠵᠠᠩᠭᠢᠯᠠᠭ᠎ᠠ ᠦᠭᠡ】 ᠶᠤᠸᠠᠨ ᠤᠯᠤᠰ᠂ ᠬᠢᠮᠡᠯ ᠴᠠᠭᠠᠨ ᠲᠤᠭ᠂ ᠪᠦᠲᠦᠴᠡ ᠡᠳ᠋᠂ 
                         ᠲᠣᠳᠣᠷᠠᠭᠤᠯᠤᠨ ᠥᠭᠦᠯᠡᠬᠦ ᠨᠢ᠃ 

      《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》① ᠳᠡᠭᠡᠷᠡᠬᠢ ᠰᠡᠢᠯᠦᠮᠡᠯ ᠴᠠᠭᠠᠨ ᠲᠤᠭ ᠤ᠋ᠨ ᠳᠦᠷᠢ ᠨᠢ ᠶᠤᠸᠠᠨ ᠤᠯᠤᠰ ᠤ᠋ᠨ ᠬᠢᠮᠡᠯ ᠴᠠᠭᠠᠨ ᠲᠤᠭ ᠤ᠋ᠨ ᠦᠢᠯᠡᠳᠬᠦ ᠰᠣᠶᠣᠯ ᠤ᠋ᠨ ᠠᠭᠤᠯᠭ᠎ᠠ ᠶ᠋ᠢ ᠪᠦᠷᠢᠨ ᠲᠤᠰᠬᠠᠭᠰᠠᠨ ᠪᠠᠢᠬᠤ ᠶᠣᠰᠣᠲᠠᠢ᠃ ᠭᠡᠪᠡᠴᠦ ᠪᠠᠰᠠ ᠲᠡᠭᠦᠨ ᠤ ᠵᠠᠷᠢᠮ ᠵᠦᠢᠯ ᠢ᠋ ᠰᠢᠨᠵᠢᠯᠡᠨ ᠲᠣᠳᠣᠯᠠᠪᠠᠯ ᠰᠠᠶᠢ ᠬᠢᠮᠡᠯ ᠴᠠᠭᠠᠨ ᠲᠤᠭ ᠤ᠋ᠨ ᠪᠦᠲᠦᠴᠡ ᠶ᠋ᠢ ᠲᠣᠳᠣᠷᠠᠭᠤᠯᠵᠤ ᠴᠢᠳᠠᠨ᠎ᠠ᠃ ᠡᠢᠮᠦ ᠡᠴᠡ ᠪᠢᠳᠡ ᠰᠡᠢᠯᠦᠮᠡᠯ ᠴᠠᠭᠠᠨ ᠲᠤᠭ ᠢ᠋ ᠰᠡᠷᠡᠭᠡ ᠬᠢᠯᠣᠪᠠᠷ᠂ ᠴᠠᠷ᠎ᠠ ᠪᠣᠯᠤᠨ ᠮᠠᠨᠵᠢᠯᠭ᠎ᠠ ᠭᠡᠵᠦ ᠭᠤᠷᠪᠠ ᠬᠤᠪᠢᠶᠠᠨ ᠲᠡᠭᠦᠨ ᠤ ᠵᠠᠷᠢᠮ ᠵᠦᠢᠯ ᠢ᠋ ᠲᠤᠰ ᠲᠤᠰ ᠢ᠋ᠶ᠋ᠠᠷ ᠨᠢ ᠵᠠᠳᠠᠯᠤᠨ ᠰᠢᠨᠵᠢᠯᠡᠵᠦ᠂ ᠳᠠᠷᠠᠭ᠎ᠠ ᠨᠢ ᠶᠤᠸᠠᠨ ᠤᠯᠤᠰ ᠤ᠋ᠨ ᠬᠢᠮᠡᠯ ᠴᠠᠭᠠᠨ ᠲᠤᠭ ᠤ᠋ᠨ ᠪᠦᠲᠦᠴᠡ ᠶ᠋ᠢ ᠲᠣᠳᠣᠷᠠᠭᠤᠯᠤᠨ ᠥᠭᠦᠯᠡᠶ᠎ᠡ᠃ 


                ᠨᠢᠭᠡ᠂ ᠰᠡᠷᠡᠭᠡ ᠭᠢᠯᠣᠪᠠᠷ 

      《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》 ᠳᠡᠭᠡᠷᠡᠬᠢ ᠰᠡᠢᠯᠦᠮᠡᠯ ᠴᠠᠭᠠᠨ ᠲᠤᠭ ᠤ᠋ᠨ ᠳᠦᠷᠢ ᠶ᠋ᠢ ᠠᠵᠢᠭᠯᠠᠨ ᠰᠢᠨᠵᠢᠯᠡᠪᠡᠯ ᠶᠤᠸᠠᠨ ᠤᠯᠤᠰ ᠬᠢᠮᠡᠯ ᠴᠠᠭᠠᠨ ᠲᠤᠭ ᠤ᠋ᠨ ᠰᠡᠷᠡᠭᠡ ᠭᠢᠯᠣᠪᠠᠷ ᠢ᠋ ᠤᠯᠠᠮᠵᠢᠯᠠᠯᠲᠤ ᠦᠢᠯᠡᠳᠬᠦ ᠰᠣᠶᠣᠯ ᠢ᠋ᠶ᠋ᠠᠷ ᠨᠢ ᠦᠢᠯᠡᠳᠦᠭᠰᠡᠨ ᠮᠥᠷᠲᠡᠭᠡᠨ ᠪᠠᠰᠠ ᠲᠡᠭᠦᠨ ᠤ ᠦᠢᠯᠡᠳᠬᠦ ᠰᠣᠶᠣᠯ ᠤ᠋ᠨ ᠠᠭᠤᠯᠤᠭᠳᠠᠬᠤᠨ ᠢ᠋ ᠨᠢ ᠪᠠᠶᠠᠯᠢᠭᠵᠢᠭᠤᠯᠤᠭᠰᠠᠨ ᠪᠠᠢᠨ᠎ᠠ ᠭᠡᠳᠡᠭ ᠢ᠋ ᠮᠡᠳᠡᠵᠦ ᠪᠣᠯᠤᠨ᠎ᠠ᠃ 
       (ᠨᠢᠭᠡ) ᠲᠤᠭᠴᠢᠳ ②  ᠤᠨ ᠠᠮᠠᠨ ᠤᠯᠠᠮᠵᠢᠯᠠᠯ ᠳ᠋ᠤ᠌ 《ᠴᠠᠭᠠᠨ ᠲᠤᠭ ᠤ᠋ᠨ ᠣᠷᠣᠢ ᠨᠢ ᠨᠢᠭᠡ ᠲᠣᠬᠣᠢ ᠤᠷᠲᠤ ᠠᠯᠲᠠ ᠰᠢᠷᠠᠭᠰᠠᠨ ᠭᠤᠷᠪᠠᠨ ᠦᠵᠦᠭᠦᠷᠲᠦ ᠲᠡᠮᠦᠷ ᠰᠡᠷᠡᠭᠡ ᠮᠠᠢᠭ ᠤ᠋ᠨ ᠡᠳ᠋᠃ ᠢᠩᠭᠢᠵᠦ ᠬᠢᠭᠰᠡᠨ ᠨᠢ ᠬᠣᠶᠠᠷ ᠲᠠᠯ᠎ᠠ ᠶ᠋ᠢᠨ ᠬᠢᠨᠢ ᠨᠤᠮᠤ ᠪᠠᠨ ᠲᠥᠯᠥᠭᠡᠯᠡᠵᠦ᠂ ᠭᠣᠣᠯ ᠤ᠋ᠨ ᠬᠢᠨᠢ ᠰᠤᠮᠤ ᠪᠠᠨ ᠲᠥᠯᠥᠭᠡᠯᠡᠵᠦ ᠪᠠᠢᠨ᠎ᠠ 》 ③ ᠭᠡᠵᠦ ᠶᠠᠷᠢᠭᠰᠠᠨ ᠪᠠᠢᠳᠠᠭ᠃ ᠡᠢᠮᠦ ᠡᠴᠡ ᠬᠣᠵᠢᠮ ᠤ᠋ᠨ ᠬᠥᠮᠦᠰ ᠭᠣᠣᠯ ᠤ᠋ᠨ ᠬᠢ ᠶ᠋ᠢ ᠨᠢ ᠰᠤᠮᠤᠨ ᠬᠢᠯᠣᠪᠠᠷ ᠭᠡᠵᠦ᠂ ᠬᠣᠶᠠᠷ ᠲᠠᠯ᠎ᠠ ᠶ᠋ᠢᠨ ᠬᠢ ᠶ᠋ᠢ ᠨᠢ ᠨᠣᠮᠤᠨ ᠬᠢᠯᠣᠪᠠᠷ ᠭᠡᠵᠦ᠂ ᠰᠤᠮᠤᠨ ᠬᠢᠯᠦᠪᠠᠷ ᠪᠣᠯᠤᠨ ᠨᠣᠮᠣᠨ ᠭᠢᠯᠦᠪᠠᠷ ᠢ᠋ ᠨᠡᠢᠯᠡᠭᠦᠯᠦᠨ ᠪᠦᠲᠦᠭᠡᠭᠰᠡᠨ ᠰᠡᠷᠡᠭᠡ ᠳᠦᠷᠰᠦᠲᠦ ᠡᠳ᠋ ᠢ᠋ ᠰᠡᠷᠡᠭᠡ ᠭᠢᠯᠣᠪᠠᠷ ᠭᠡᠵᠡᠢ᠃ ᠰᠡᠢᠯᠦᠮᠡᠯ ᠴᠠᠭᠠᠨ ᠲᠤᠭ ᠤ᠋ᠨ ᠰᠤᠮᠤᠨ ᠭᠢᠯᠣᠪᠠᠷ ᠤ᠋ᠨ ᠦᠵᠦᠭᠦᠷ (ᠵᠡᠪᠡ) ᠳ᠋ᠦ᠍ ᠱᠥᠪᠥᠭᠡᠷ ᠳᠦᠷᠰᠦ (ᠵᠢᠷᠤᠭ 2) ᠭᠠᠷᠭᠠᠵᠠᠢ᠃ ᠡᠨᠡ ᠪᠣᠯ ᠳᠠᠷᠤᠢ ᠭᠠᠯ ᠤ᠋ᠨ ᠳᠦᠷᠰᠦ ᠮᠥᠨ᠃ ᠤᠴᠢᠷ ᠨᠢ ᠮᠣᠩᠭᠣᠯᠴᠤᠳ ᠠᠯᠢ ᠡᠷᠲᠡᠨ ᠡᠴᠡ ᠠᠪᠤᠭᠠᠳ ᠭᠠᠯ ᠤ᠋ᠨ ᠳᠦᠷᠰᠦ ᠶ᠋ᠢ ᠪᠠᠭᠲᠠᠭᠠᠭᠰᠠᠨ ᠭᠠᠯ ᠢ᠋ ᠰᠢᠲᠦᠳᠡᠭ ᠡᠴᠡ ᠪᠣᠯᠵᠤ᠂ ᠬᠢᠮᠡᠯ ᠴᠠᠭᠠᠨ ᠲᠤᠭ ᠤ᠋ᠨ ᠰᠡᠷᠡᠭᠡ ᠬᠢᠯᠣᠪᠠᠷ ᠤ᠋ᠨ ᠦᠵᠦᠭᠦᠷ ᠲᠦ᠍ ᠨᠢ ᠭᠠᠯ ᠤ᠋ᠨ ᠳᠦᠷᠰᠦ ᠭᠠᠷᠭᠠᠳᠠᠭ ᠵᠠᠩᠰᠢᠯ ᠲᠠᠢ᠃ ᠭᠠᠯ ᠤ᠋ᠨ ᠳᠦᠷᠰᠦ ᠨᠢ ᠲᠣᠭᠲᠠᠭᠤᠨ ᠪᠠᠢᠬᠤ ᠠ᠋ᠴᠠ ᠦᠵᠡᠪᠡᠯ ᠡᠨᠡ ᠨᠢ ᠵᠤᠯᠠ ᠶ᠋ᠢᠨ ᠭᠠᠯ ᠤ᠋ᠨ ᠳᠦᠷᠰᠦ ᠮᠥᠨ᠂ ᠨᠡᠩ ᠪᠣᠳᠠᠲᠠᠢ ᠬᠡᠯᠡᠪᠡᠯ ᠮᠥᠩᠬᠡ ᠵᠤᠯᠠ ᠶ᠋ᠢᠨ ᠭᠠᠯ ᠤ᠋ᠨ ᠳᠦᠷᠰᠦ ᠪᠣᠯᠤᠨ᠎ᠠ᠃ ᠭᠡᠪᠡᠴᠦ ᠰᠡᠭᠦᠯᠳᠡᠵᠦ ᠢᠷᠡᠭᠡᠳ ᠪᠠᠳᠠᠷᠠᠬᠤ ᠭᠠᠯ ᠤ᠋ᠨ ᠳᠦᠷᠰᠦ(ᠵᠢᠷᠤᠭ 3) ᠪᠠᠷ ᠭᠠᠯ ᠢ᠋ ᠢᠯᠡᠳᠬᠡᠳᠡᠭ ᠪᠣᠯᠪᠠ᠃ ᠡᠢᠮᠦ ᠡᠴᠡ ᠶᠤᠸᠠᠨ ᠤᠯᠤᠰ ᠲᠣᠭᠲᠠᠭᠤᠨ ᠭᠠᠯ ᠤ᠋ᠨ ᠳᠦᠷᠰᠦ ᠪᠡᠷ ᠶᠠᠮᠠᠷ ᠨᠢᠭᠡᠨ ᠣᠨᠴᠠᠭᠠᠢ ᠤᠳᠬ᠎ᠠ ᠶ᠋ᠢ ᠢᠯᠡᠳᠬᠡᠭᠰᠡᠨ ᠶᠦᠮ ᠤᠤ ᠡᠰᠡᠬᠦᠯ᠎ᠡ ᠲᠡᠷᠡ ᠦᠶ᠎ᠡ ᠳ᠋ᠦ᠍ ᠭᠠᠯ ᠤ᠋ᠨ ᠳᠦᠷᠰᠦ ᠶ᠋ᠢ ᠲᠣᠭᠲᠠᠭᠤᠨ ᠭᠠᠯ ᠤ᠋ᠨ ᠳᠦᠷᠰᠦ ᠪᠡᠷ ᠢᠯᠡᠳᠬᠡᠳᠡᠭ ᠪᠠᠢᠭᠰᠠᠨ ᠶᠤᠮ ᠤᠤ ᠭᠡᠳᠡᠭ ᠢ᠋ ᠴᠢᠨᠠᠭᠰᠢᠳᠠ ᠰᠤᠳᠤᠯᠤᠭᠤᠰᠢᠲᠠᠢ᠃ 
       (ᠬᠣᠶᠠᠷ) ᠰᠡᠢᠯᠦᠮᠡᠯ ᠴᠠᠭᠠᠨ ᠲᠤᠭ ᠤ᠋ᠨ ᠰᠤᠮᠤᠨ ᠬᠢᠯᠣᠪᠠᠷ ᠤ᠋ᠨ ᠪᠡᠶ᠎ᠡ ᠳᠡᠭᠡᠷ᠎ᠡ ᠲᠣᠮᠣ ᠬᠠᠪᠲᠠᠭᠠᠢ ᠲᠣᠭᠣᠷᠢᠭ ᠳᠦᠷᠰᠦ (ᠵᠢᠷᠤᠭ 4) ᠶ᠋ᠢ ᠪᠠᠢᠷᠢᠯᠠᠭᠤᠯᠵᠠᠢ᠃ ᠡᠭᠦᠨ ᠢ ᠮᠣᠩᠭᠣᠯᠴᠤᠳ ᠠᠯᠢ ᠡᠷᠲᠡᠨ ᠡᠴᠡ ᠨᠠᠷᠠ ᠪᠠ ᠨᠠᠷᠠᠨ ᠤ᠋ ᠳᠦᠷᠰᠦ ᠶ᠋ᠢ ᠰᠢᠲᠦᠳᠡᠭ ᠡᠴᠡ ᠪᠣᠯᠵᠤ ᠴᠠᠭᠠᠨ ᠲᠤᠭ ᠤ᠋ᠨ ᠬᠢᠯᠣᠪᠠᠷ ᠲᠤ᠌ ᠨᠠᠷᠠᠨ ᠤ᠋ ᠳᠦᠷᠰᠦ ᠶ᠋ᠢ ᠭᠠᠷᠭᠠᠳᠠᠭ ᠵᠠᠩᠰᠢᠯ ᠠ᠋ᠴᠠ ᠦᠵᠡᠪᠡᠯ ᠡᠨᠡ ᠨᠢ ᠳᠠᠷᠤᠢ ᠨᠠᠷᠠᠨ ᠤ᠋ ᠳᠦᠷᠰᠦ ᠮᠥᠨ᠃ ᠭᠡᠲᠡᠯ᠎ᠡ ᠪᠠᠰᠠ ᠲᠣᠮᠣ ᠬᠠᠪᠲᠠᠭᠠᠢ ᠲᠣᠭᠣᠷᠢᠭ ᠤ᠋ᠨ ᠳᠥᠷᠪᠡᠨ ᠲᠠᠯ᠎ᠠ ᠳ᠋ᠤ᠌ ᠳᠥᠷᠪᠡᠨ ᠦᠵᠦᠭᠦᠷ ᠪᠤᠯᠲᠠᠢᠨ ᠭᠠᠷᠤᠭᠰᠠᠨ ᠨᠢ ᠭᠠᠢᠬᠠᠯᠲᠠᠢ᠃ ᠬᠡᠳᠦᠢ ᠡᠢᠮᠦ ᠪᠣᠯᠪᠠᠴᠤ ᠪᠢᠳᠡ ᠰᠤᠳᠤᠯᠤᠨ ᠰᠢᠨᠵᠢᠯᠡᠪᠡᠯ ᠲᠡᠭᠦᠨ ᠤ ᠤᠴᠢᠷ ᠢ᠋ ᠮᠡᠳᠡᠵᠦ ᠪᠣᠯᠬᠤ ᠶᠤᠮ᠃ ᠡᠨᠡ ᠲᠣᠮᠣ ᠬᠠᠪᠲᠠᠭᠠᠢ ᠲᠣᠭᠣᠷᠢᠭ ᠢ᠋ ᠨᠠᠷᠢᠨ ᠠᠵᠢᠭᠯᠠᠪᠠᠯ ᠲᠡᠭᠦᠨ ᠤ ᠨᠢᠭᠤᠷ ᠲᠠᠯ᠎ᠠ ᠳᠡᠭᠡᠷ᠎ᠡ ᠨᠢᠭᠡ x ᠳᠦᠷᠰᠦ (ᠵᠢᠷᠤᠭ 5) ᠵᠢᠭᠠᠬᠠᠨ ᠭᠦᠷᠡᠭᠡᠷ ᠦᠵᠡᠭᠳᠡᠵᠦ (ᠭᠡᠪᠡᠴᠦ ᠲᠡᠢᠮᠦ ᠲᠣᠳᠣ ᠪᠢᠰᠢ)᠂ ᠪᠠᠰᠠ ᠡᠨᠡ х ᠳᠦᠷᠰᠦ ᠶ᠋ᠢᠨ ᠳᠥᠷᠪᠡᠨ ᠦᠵᠦᠭᠦᠷ ᠨᠢ ᠲᠣᠮᠣ ᠬᠠᠪᠲᠠᠭᠠᠢ ᠲᠣᠭᠣᠷᠢᠭ ᠤᠨ ᠳᠥᠷᠪᠡᠨ ᠲᠠᠯ᠎ᠠ ᠳ᠋ᠤᠨᠢ ᠪᠤᠯᠲᠠᠢᠨ ᠭᠠᠷᠤᠭᠰᠠᠨ ᠪᠠᠢᠨ᠎ᠠ᠃ ᠡᠭᠦᠨ ᠢ᠋ ᠨᠣᠮ ᠪᠢᠴᠢᠭ ᠳᠡᠭᠡᠷ ᠡᠴᠡ ᠬᠠᠢᠨ ᠦᠵᠡᠪᠡᠯ ᠡᠨᠡ ᠨᠢ ᠴᠢᠩᠭᠢᠰ ᠬᠠᠭᠠᠨ ᠤ᠋ ᠮᠠᠯᠠᠭᠠᠢ ᠶ᠋ᠢᠨ ᠲᠤᠭ( ᠵᠢᠷᠤᠭ 6) ᠲᠠᠢ ᠠᠳᠠᠯᠢ ᠪᠠᠢᠨ᠎ᠠ᠃ ᠡᠢᠮᠦ ᠡᠴᠡ ᠶᠤᠸᠠᠨ ᠤᠯᠤᠰ ᠬᠢᠮᠡᠯ ᠴᠠᠭᠠᠨ ᠲᠤᠭ ᠢ᠋ ᠦᠢᠯᠡᠳᠬᠦ ᠳ᠋ᠦ᠍ ᠲᠡᠭᠦᠨ ᠤ ᠰᠤᠮᠤᠨ ᠬᠢᠯᠣᠪᠠᠷ ᠤ᠋ᠨ ᠪᠡᠶ᠎ᠡ ᠳᠡᠭᠡᠷ᠎ᠡ ᠡᠨᠡ ᠬᠦ᠌ x ᠳᠦᠷᠰᠦ ᠶ᠋ᠢ ᠨᠠᠷᠠᠨ ᠤ᠋ ᠳᠦᠷᠰᠦ ᠲᠡᠢ ᠳᠠᠪᠬᠤᠷᠳᠠᠭᠤᠯᠤᠨ ᠪᠠᠢᠷᠢᠯᠠᠭᠤᠯᠵᠤ᠂ ᠶᠠᠮᠠᠷ ᠨᠢᠭᠡᠨ ᠣᠨᠴᠠᠭᠠᠢ ᠤᠳᠬ᠎ᠠ ᠶ᠋ᠢ ᠢᠯᠡᠳᠬᠡᠵᠡᠢ ᠭᠡᠵᠦ ᠮᠡᠳᠡᠵᠦ ᠪᠣᠯᠤᠨ᠎ᠠ᠃ ᠡᠨᠳᠡ ᠣᠨᠴᠠᠭᠠᠢᠯᠠᠨ ᠳᠤᠷᠠᠳᠤᠭᠤᠰᠢᠲᠠᠢ ᠨᠢ ᠰᠡᠢᠯᠦᠮᠡᠯ ᠴᠠᠭᠠᠨ ᠲᠤᠭ ᠤ᠋ᠨ ᠳᠦᠷᠢ ᠡᠴᠡ ᠶᠤᠸᠠᠨ ᠤᠯᠤᠰ ᠬᠢᠮᠡᠯ ᠴᠠᠭᠠᠨ ᠲᠤᠭ ᠢ᠋ ᠦᠢᠯᠡᠳᠬᠦ ᠳ᠋ᠦ᠍ ᠨᠠᠷᠠᠨ ᠳᠦᠷᠰᠦ ᠶ᠋ᠢ ᠲᠣᠮᠣ ᠭᠠᠷᠭᠠᠵᠤ᠂ ᠤᠯᠠᠮᠵᠢᠯᠠᠯᠲᠤ ᠦᠢᠯᠡᠳᠬᠦ ᠰᠣᠶᠣᠯ ᠤ᠋ᠨ ᠠᠭᠤᠯᠭ᠎ᠠ ᠶ᠋ᠢ ᠲᠣᠪᠣᠢᠯᠭᠠᠭᠰᠠᠨ ᠮᠥᠷᠲᠡᠭᠡᠨ ᠴᠠᠭᠠᠨ ᠲᠤᠭ ᠪᠣᠯ ᠨᠠᠷᠠᠨ ᠤ᠋ ᠰᠢᠲᠦᠯᠭᠡ(ᠬᠡᠯᠡᠯᠭᠡᠨ ᠦᠭᠡᠢ ᠰᠠᠷᠠ᠂ ᠲᠡᠭᠷᠢ ᠶ᠋ᠢᠨ ᠰᠢᠲᠦᠯᠭᠡ ᠪᠠᠢᠵᠤ ᠪᠣᠯᠤᠨ᠎ᠠ) ᠠ᠋ᠴᠠ ᠢᠷᠡᠯᠲᠡᠢ ᠭᠡᠰᠡᠨ ᠢ᠋ ᠣᠢᠯᠠᠭᠠᠵᠤ ᠪᠣᠯᠤᠨ᠎ᠠ᠃ 

 
  (ᠭᠤᠷᠪᠠ) ᠰᠡᠢᠯᠦᠮᠡᠯ ᠴᠠᠭᠠᠨ ᠲᠤᠭ ᠤ᠋ᠨ ᠨᠣᠮ ᠤᠨ ᠬᠡᠯᠪᠡᠷᠢᠲᠦ ᠬᠢᠯᠣᠪᠠᠷ(ᠵᠢᠷᠤᠭ7)  ᠤᠨ ᠬᠣᠶᠠᠷ ᠦᠵᠦᠭᠦᠷ ᠲᠦ᠍ ᠨᠢ ᠭᠠᠯ ᠤ᠋ᠨ ᠳᠦᠷᠰᠦ ᠭᠠᠷᠭᠠᠭᠰᠠᠨ ᠦᠭᠡᠢ ᠪᠠᠢᠨ᠎ᠠ᠃ ᠡᠨᠡ ᠨᠢ ᠤᠤᠯ ᠰᠣᠶᠣᠯ ᠤ᠋ᠨ ᠠᠭᠤᠯᠭ᠎ᠠ ᠶ᠋ᠢ ᠢᠯᠡᠳᠬᠡᠭᠰᠡᠨ ᠪᠣᠯᠤᠯᠲᠠᠢ᠃ ᠭᠡᠪᠡᠴᠦ ᠰᠡᠭᠦᠯ ᠦᠶ᠎ᠡ ᠶ᠋ᠢᠨ ᠴᠠᠭᠠᠨ ᠲᠤᠭ ᠤ᠋ᠨ ᠨᠣᠮᠤᠨ ᠬᠡᠯᠪᠡᠷᠢᠲᠦ ᠬᠢᠯᠣᠪᠠᠷ ᠤ᠋ᠨ ᠬᠣᠶᠠᠷ ᠦᠵᠦᠭᠦᠷ ᠲᠦ᠍ ᠨᠢ ᠪᠠᠳᠠᠷᠠᠬᠤ ᠭᠠᠯ ᠤ᠋ᠨ ᠳᠦᠷᠰᠦ ᠶ᠋ᠢ ᠭᠠᠷᠭᠠᠭᠰᠠᠨ ᠪᠠᠢᠳᠠᠭ᠃《ᠮᠣᠩᠭᠣᠯ ᠤᠯᠤᠰ ᠲᠤ᠌ ᠲᠠᠬᠢᠵᠤ ᠪᠠᠢᠭᠰᠠᠨ ᠵᠠᠷᠢᠮ ᠴᠠᠭᠠᠨ ᠲᠤᠭ ᠨᠢ ᠭᠠᠯ ᠳᠥᠯᠥ ᠲᠡᠢ ᠭᠤᠷᠪᠠᠨ ᠦᠵᠦᠭᠦᠷᠲᠦ ᠰᠡᠷᠡᠭᠡ ᠪᠠᠢᠵᠠᠢ᠃ ᠭᠠᠯ ᠤ᠋ᠨ ᠰᠤᠷ ᠭᠠᠷᠭᠠᠭᠰᠠᠨ ᠢ᠋ᠶ᠋ᠠᠨ ᠮᠥᠩᠬᠡᠵᠢᠬᠦ ᠶ᠋ᠢᠨ ᠤᠳᠬᠠᠲᠤ ᠭᠤᠷᠪᠠᠨ ᠳᠥᠯᠥᠲᠦ ᠭᠠᠯ ᠭᠡᠮᠡᠨ ᠲᠠᠢᠯᠪᠤᠷᠢᠯᠠᠵᠠᠢ 》④᠃ ᠡᠨᠡ ᠨᠢ ᠪᠠᠷᠤᠭ ᠱᠠᠰᠢᠨ ᠤ᠋ ᠰᠣᠶᠣᠯ ᠤ᠋ᠨ ᠨᠥᠯᠥᠭᠡ ᠡᠴᠡ ᠪᠣᠯᠤᠭᠰᠠᠨ ᠪᠠᠢᠵᠤ ᠮᠡᠳᠡᠨ᠎ᠡ᠃ ᠳᠡᠭᠡᠷᠡᠬᠢ ᠰᠢᠨᠵᠢᠯᠡᠯᠲᠡ ᠡᠴᠡ ᠦᠵᠡᠬᠦ ᠳ᠋ᠦ᠍ 《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》 ᠳᠡᠭᠡᠷᠡᠬᠢ ᠰᠡᠢᠯᠦᠮᠡᠯ ᠴᠠᠭᠠᠨ ᠲᠤᠭ ᠤ᠋ᠨ ᠰᠤᠮᠤᠨ ᠭᠢᠯᠣᠪᠠᠷ ᠤ᠋ᠨ ᠲᠣᠭᠲᠠᠭᠤᠨ ᠭᠠᠯ ᠤ᠋ᠨ ᠳᠦᠷᠰᠦ᠂ ᠰᠤᠮᠤᠨ ᠬᠢᠯᠣᠪᠠᠷ ᠤ᠋ᠨ ᠪᠡᠶ᠎ᠡ ᠳᠡᠭᠡᠷᠡᠬᠢ ᠨᠠᠷᠠᠨ ᠤ᠋ ᠳᠦᠷᠰᠦ ᠪᠠ ᠨᠠᠷᠠᠨ ᠤ᠋ ᠳᠦᠷᠰᠦ ᠲᠡᠢ ᠳᠠᠪᠬᠤᠷᠯᠠᠭᠳᠠᠭᠰᠠᠨ ᠴᠢᠩᠭᠢᠰ ᠬᠠᠭᠠᠨ ᠤ᠋ ᠮᠠᠯᠠᠭᠠᠢ ᠶ᠋ᠢᠨ ᠲᠤᠭ ᠤ᠋ᠨ ᠳᠦᠷᠰᠦ᠂ ᠨᠣᠮᠣᠨ ᠤ᠋ ᠳᠦᠷᠰᠦ ᠨᠢ ᠨᠡᠢᠯᠡᠭᠡᠳ ᠬᠢᠮᠡᠯ ᠴᠠᠭᠠᠨ ᠲᠤᠭ ᠤ᠋ᠨ ᠰᠡᠷᠡᠭᠡ ᠬᠢᠯᠣᠪᠠᠷ ᠢ᠋ ᠢᠯᠡᠳᠬᠡᠵᠡᠢ᠃ 


                ᠬᠣᠶᠠᠷ᠂ ᠴᠠᠷ᠎ᠠ 

      《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》 ᠳᠡᠭᠡᠷᠡᠬᠢ ᠰᠡᠢᠯᠦᠮᠡᠯ ᠴᠠᠭᠠᠨ ᠲᠤᠭ ᠤ᠋ᠨ ᠴᠠᠷ᠎ᠠ ᠶ᠋ᠢ ᠠᠵᠢᠭᠯᠠᠨ ᠰᠢᠨᠵᠢᠯᠡᠪᠡᠯ ᠰᠡᠢᠯᠦᠮᠡᠯ ᠴᠠᠭᠠᠨ ᠲᠤᠭ ᠤ᠋ᠨ ᠰᠡᠷᠡᠭᠡ ᠭᠢᠯᠣᠪᠠᠷ ᠤ᠋ᠨ ᠳᠣᠣᠷ᠎ᠠ ᠲᠠᠯ᠎ᠠ ᠳ᠋ᠤ᠌ ᠨᠢ ᠳᠡᠭᠡᠷ᠎ᠡ ᠨᠢᠭᠤᠷ ᠲᠠᠭᠠᠨ ᠶᠢᠰᠦᠨ ᠵᠢᠷᠤᠭᠠᠰᠤ ᠲᠠᠢ ᠵᠤᠤᠪᠠᠭᠠᠷ ᠬᠠᠪᠲᠠᠭᠠᠢ (ᠵᠢᠷᠤᠭ 8) ᠡᠳ᠋ ᠢ᠋ ᠪᠠᠢᠷᠢᠯᠠᠭᠤᠯᠵᠠᠢ᠃ᠡᠭᠦᠨ ᠢ᠋ ᠮᠣᠩᠭᠣᠯᠴᠤᠳ ᠡᠷᠲᠡᠨ ᠡᠴᠡ ᠮᠥᠩᠬᠡ ᠶ᠋ᠢᠨ ᠤᠳᠬ᠎ᠠ ᠲᠠᠢ ᠮᠥᠩᠭᠥ ᠶ᠋ᠢ ᠬᠡᠷᠡᠭᠯᠡᠨ ᠲᠡᠭᠷᠢ ᠶ᠋ᠢ ᠢᠯᠡᠳᠬᠡᠬᠦ ᠲᠣᠭᠣᠷᠢᠭ ᠬᠡᠯᠪᠡᠷᠢ ᠪᠡᠷ ᠴᠠᠭᠠᠨ ᠲᠤᠭ ᠤ᠋ᠨ ᠰᠡᠷᠡᠭᠡ ᠬᠢᠯᠦᠪᠠᠷ ᠲᠤ᠌ ᠴᠠᠷ᠎ᠠ ᠶ᠋ᠢ ᠦᠢᠯᠡᠳᠳᠡᠭ ᠤᠯᠠᠮᠵᠢᠯᠠᠯᠲᠤ ᠵᠠᠩᠰᠢᠯ ᠠ᠋ᠴᠠ ᠦᠵᠡᠪᠡᠯ ᠡᠨᠡ ᠨᠢ ᠳᠠᠷᠤᠢ ᠬᠢᠮᠡᠯ ᠴᠠᠭᠠᠨ ᠲᠤᠭ ᠤ᠋ᠨ ᠮᠥᠩᠭᠥᠨ ᠴᠠᠷ᠎ᠠ ᠶ᠋ᠢ ᠢᠯᠡᠳᠬᠡᠭᠰᠡᠨ ᠪᠠᠢᠨ᠎ᠠ᠃ ᠵᠢᠷᠤᠭᠠᠰᠤ ᠨᠢ ᠶᠢᠰᠦᠨ ᠬᠥᠯᠲᠦ ᠴᠠᠭᠠᠨ ᠲᠤᠭ ᠢ᠋ᠶ᠋ᠠᠨ ᠲᠥᠯᠥᠭᠡᠯᠡᠭᠰᠡᠨ ᠤᠳᠬ᠎ᠠ ᠲᠠᠢ᠃ 

                ᠭᠤᠷᠪᠠ᠂ ᠮᠠᠨᠵᠢᠯᠭ᠎ᠠ 

      《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》 ᠳᠡᠭᠡᠷᠡᠬᠢ ᠰᠡᠢᠯᠦᠮᠡᠯ ᠴᠠᠭᠠᠨ ᠲᠤᠭ ᠤ᠋ᠨ ᠳᠦᠷᠢ ᠶ᠋ᠢ ᠠᠵᠢᠭᠯᠠᠨ ᠰᠢᠨᠵᠢᠯᠡᠪᠡᠯ ᠮᠥᠩᠭᠥᠨ ᠴᠠᠷ᠎ᠠ ᠶ᠋ᠢᠨ ᠳᠦᠷᠰᠦ ᠡᠴᠡ ᠳᠣᠷᠣᠭᠰᠢ ᠬᠤᠢᠯᠠᠷᠠᠨ ᠤᠨᠵᠢᠭᠰᠠᠨ ᠬᠢᠯᠭᠠᠰᠤ ᠶ᠋ᠢ ᠢᠯᠡᠳᠬᠡᠭᠰᠡᠨ ᠥᠨᠳᠥᠷ ᠪᠣᠭᠣᠨᠢ ᠵᠢᠷᠤᠭᠠᠰᠤ (ᠵᠢᠷᠤᠭ9)  ᠨᠤᠭᠤᠳ ᠢ᠋ ᠰᠡᠢᠯᠦᠭᠰᠡᠨ ᠪᠠᠢᠨ᠎ᠠ᠃ ᠡᠭᠦᠨ ᠢ᠋ ᠮᠣᠩᠭᠣᠯᠴᠤᠳ ᠤ᠋ᠨ ᠮᠥᠩᠭᠥᠨ ᠴᠠᠷ᠎ᠠ ᠶ᠋ᠢᠨ ᠬᠥᠪᠡᠭᠡᠨ ᠳ᠋ᠡᠬᠢ ᠶᠢᠰᠦ ᠶᠢᠰᠦ ᠶ᠋ᠢᠨ ᠨᠠᠶᠠᠨ ᠨᠢᠭᠡᠨ ᠨᠦᠬᠡ ᠡᠴᠡ ᠣᠩᠭᠤᠨ ᠴᠠᠭᠠᠨ ᠠᠵᠢᠷᠭᠠᠨ ᠤ᠋ ᠬᠥᠬᠥᠯ ᠢ᠋ ᠲᠠᠰᠠᠮ᠎ᠠ ᠪᠠᠷ ᠰᠦᠯᠵᠢᠨ ᠲᠣᠭᠲᠠᠭᠠᠵᠤ ᠤᠨᠵᠢᠭᠤᠯᠤᠨ ᠬᠢᠳᠡᠭ ᠤᠯᠠᠮᠵᠢᠯᠠᠯᠲᠤ ᠦᠢᠯᠡᠳᠬᠦ ᠰᠣᠶᠣᠯ ᠠ᠋ᠴᠠ ᠦᠵᠡᠪᠡᠯ ᠡᠨᠡ ᠨᠢ ᠳᠠᠷᠤᠢ ᠣᠩᠭᠤᠨ ᠴᠠᠭᠠᠨ ᠠᠵᠢᠷᠭᠠᠨ ᠤ᠋ ᠬᠥᠬᠥᠯ ᠢ᠋ᠶ᠋ᠡᠷ ᠬᠢᠭᠰᠡᠨ ᠬᠢᠮᠡᠯ ᠴᠠᠭᠠᠨ ᠲᠤᠭ ᠤ᠋ᠨ ᠮᠠᠨᠵᠢᠯᠭ᠎ᠠ ᠶ᠋ᠢ ᠢᠯᠡᠳᠬᠡᠭᠰᠡᠨ ᠪᠠᠢᠨ᠎ᠠ᠃ 

 
                ᠳᠥᠷᠪᠡ᠂ ᠰᠢᠯᠪᠢ 

      《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》 ᠳᠡᠭᠡᠷᠡᠬᠢ ᠰᠡᠢᠯᠦᠮᠡᠯ ᠴᠠᠭᠠᠨ ᠲᠤᠭ ᠤ᠋ᠨ ᠳᠦᠷᠢ (ᠵᠢᠷᠤᠭ 10) ᠶ᠋ᠢ ᠠᠵᠢᠭᠯᠠᠨ ᠰᠢᠨᠵᠢᠯᠡᠪᠡᠯ ᠮᠥᠩᠭᠥᠨ ᠴᠠᠷ᠎ᠠ ᠶ᠋ᠢᠨ ᠳᠦᠷᠰᠦ ᠶ᠋ᠢᠨ ᠳᠣᠣᠷ᠎ᠠ ᠲᠠᠯ᠎ᠠ ᠳ᠋ᠤ᠌ ᠰᠢᠯᠪᠢ ᠭᠠᠷᠭᠠᠭᠰᠠᠨ ᠦᠭᠡᠢ ᠪᠠᠢᠨ᠎ᠠ᠃ ᠡᠨᠡ ᠨᠢ ᠵᠥᠪᠬᠡᠨ ᠴᠠᠭᠠᠨ ᠲᠤᠭ ᠢ᠋ ᠵᠢᠷᠤᠵᠤ ᠳᠦᠷᠰᠦᠯᠡᠬᠦ ᠳ᠋ᠦ᠍ ᠬᠡᠷᠡᠭᠯᠡᠭᠰᠡᠨ ᠡᠩ ᠤᠨ ᠠᠷᠭ᠎ᠠ ᠲᠡᠳᠦᠢ ᠡᠴᠡ ᠪᠢᠰᠢ ᠴᠠᠭᠠᠨ ᠲᠤᠭ ᠲᠤ᠌ ᠰᠢᠯᠪᠢ ᠦᠭᠡᠢ ᠭᠡᠰᠡᠨ ᠶᠠᠪᠤᠳᠠᠯ ᠣᠭᠲᠣ ᠪᠢᠰᠢ ᠶᠦᠮ᠃ ᠶᠤᠸᠠᠨ ᠤᠯᠤᠰ ᠤ᠋ᠨ ᠦᠶ᠎ᠡ ᠳ᠋ᠦ᠍ ᠬᠠᠷ᠎ᠠ ᠲᠤᠭ ᠤ᠋ᠨ ᠰᠢᠯᠪᠢ ᠳ᠋ᠦ᠍ ᠴᠠᠭᠠᠨ ᠰᠢᠷ ᠰᠠᠭᠤᠯᠭᠠᠭᠰᠠᠨ ᠪᠠᠢᠳᠠᠭ ᠠ᠋ᠴᠠ ᠠᠪᠴᠤ ᠬᠡᠯᠡᠪᠡᠯ ᠴᠠᠭᠠᠨ ᠲᠤᠭ ᠤ᠋ᠨ ᠰᠢᠯᠪᠢ ᠶ᠋ᠢ ᠮᠥᠨ ᠮᠣᠳᠣ ᠪᠠᠷ ᠬᠢᠵᠦ᠂ ᠴᠠᠭᠠᠨ ᠪᠣᠳᠣᠭ ᠰᠠᠭᠤᠯᠭᠠᠭᠰᠠᠨ ᠪᠠᠢᠬ᠎ᠠ᠃ 
       ᠳᠡᠭᠡᠷ᠎ᠡ ᠪᠢᠳᠡ 《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》 ᠳᠡᠭᠡᠷᠡᠬᠢ ᠰᠡᠢᠯᠦᠮᠡᠯ ᠴᠠᠭᠠᠨ ᠲᠤᠭ ᠤ᠋ᠨ ᠰᠡᠷᠡᠭᠡ ᠭᠢᠯᠣᠪᠠᠷ᠂ ᠮᠥᠩᠭᠥᠨ ᠴᠠᠷ᠎ᠠ ᠪᠣᠯᠤᠨ ᠮᠠᠨᠵᠢᠯᠭ᠎ᠠ ᠶ᠋ᠢ ᠢᠯᠡᠳᠬᠡᠭᠰᠡᠨ ᠳᠦᠷᠰᠦ ᠶ᠋ᠢ ᠲᠤᠰ ᠲᠤᠰ ᠢ᠋ᠶ᠋ᠠᠷ ᠨᠢ ᠵᠠᠳᠠᠯᠤᠨ ᠰᠢᠨᠵᠢᠯ᠎ᠡ᠃ ᠡᠨᠡ ᠬᠦ᠌ ᠵᠠᠳᠠᠯᠤᠨ ᠰᠢᠨᠵᠢᠯᠡᠯᠲᠡ ᠶ᠋ᠢᠨ ᠳ᠋ᠦᠩ ᠡᠴᠡ ᠶᠤᠸᠠᠨ ᠤᠯᠤᠰ᠂ ᠬᠢᠮᠡᠯ ᠴᠠᠭᠠᠨ ᠲᠤᠭ ᠤ᠋ᠨ ᠦᠢᠯᠡᠳᠬᠦ ᠰᠣᠶᠣᠯ ᠢ᠋ ᠬᠥᠭᠵᠢᠭᠦᠯᠦᠯᠲᠡ ᠲᠡᠢ ᠪᠡᠷ ᠵᠠᠯᠭᠠᠮᠵᠢᠯᠠᠭᠰᠠᠨ ᠢ᠋ ᠲᠣᠳᠣᠷᠬᠠᠢ ᠣᠯᠵᠤ ᠬᠠᠷᠠᠯ᠎ᠠ᠃ ᠪᠣᠳᠠᠲᠠᠢ ᠪᠠᠷ ᠬᠡᠯᠡᠪᠡᠯ ᠲᠡᠷᠡ ᠦᠶ᠎ᠡ ᠳ᠋ᠦ᠍ ᠰᠤᠮᠤᠨ ᠬᠡᠯᠪᠡᠷᠢᠲᠦ ᠲᠡᠮᠦᠷᠯᠢᠭ ᠡᠳ᠋ ᠤᠨ ᠦᠵᠦᠭᠦᠷ ᠲᠦ᠍ ᠨᠢ ᠲᠣᠭᠲᠠᠭᠤᠨ ᠭᠠᠯ ᠤ᠋ᠨ ᠳᠦᠷᠰᠦ ᠶ᠋ᠢ ᠭᠠᠷᠭᠠᠵᠤ᠂ ᠳᠤᠮᠳᠠ ᠪᠡᠶ᠎ᠡ ᠳᠡᠭᠡᠷ᠎ᠡ ᠨᠢ ᠴᠢᠩᠭᠢᠰ ᠬᠠᠭᠠᠨ ᠤ᠋ ᠮᠠᠯᠠᠭᠠᠢ ᠶ᠋ᠢᠨ ᠲᠤᠭ ᠤ᠋ᠨ ᠳᠦᠷᠰᠦ ᠶ᠋ᠢ ᠨᠠᠷᠠᠨ ᠤ᠋ ᠳᠦᠷᠰᠦ ᠲᠡᠢ ᠳᠠᠪᠬᠤᠷᠳᠠᠭᠤᠯᠤᠨ ᠪᠠᠢᠷᠢᠯᠠᠭᠤᠯᠵᠤ᠂ ᠡᠰᠢᠨ ᠳ᠋ᠦ᠍ ᠨᠢ ᠨᠣᠮ ᠤᠨ ᠬᠡᠯᠪᠡᠷᠢᠲᠦ ᠲᠡᠮᠦᠷᠯᠢᠭ ᠡᠳ᠋ ᠢ᠋ ᠳᠠᠭᠠᠷᠠᠭᠤᠯᠤᠭᠰᠠᠨ ᠰᠡᠷᠡᠭᠡ ᠭᠢᠯᠦᠪᠠᠷ ᠢ᠋ ᠦᠢᠯᠡᠳᠴᠡᠢ᠃ ᠡᠨᠡ ᠬᠦ᠌ ᠰᠡᠷᠡᠭᠡ ᠬᠢᠯᠦᠪᠠᠷ ᠢ᠋ᠶ᠋ᠠᠨ ᠮᠥᠩᠭᠥᠨ ᠴᠠᠷ᠎ᠠ ᠶ᠋ᠢᠨ ᠲᠥᠪ ᠳᠤᠮᠳᠠ ᠨᠢ ᠳᠡᠭᠡᠭᠰᠢ ᠬᠠᠨᠳᠤᠭᠤᠯᠤᠨ ᠰᠠᠭᠤᠯᠭᠠᠵᠤ᠂ ᠮᠥᠩᠭᠥᠨ ᠴᠠᠷ᠎ᠠ ᠶ᠋ᠢᠨ ᠬᠥᠪᠡᠭᠡᠨ ᠡᠴᠡ ᠣᠩᠭᠤᠨ ᠴᠠᠭᠠᠨ ᠠᠵᠢᠷᠭᠠᠨ ᠤ ᠬᠥᠬᠥᠯ ᠢ᠋ᠶ᠋ᠡᠷ ᠬᠢᠭᠰᠡᠨ ᠮᠠᠨᠵᠢᠯᠭ᠎ᠠ ᠶ᠋ᠢ ᠤᠨᠵᠢᠭᠤᠯᠵᠤ᠂ ᠴᠠᠷ᠎ᠠ ᠶ᠋ᠢᠨ ᠳᠣᠣᠷ᠎ᠠ ᠨᠢ ᠴᠠᠭᠠᠨ ᠪᠣᠳᠣᠭ ᠰᠠᠭᠤᠯᠭᠠᠭᠰᠠᠨ ᠮᠤᠳᠤᠨ ᠰᠢᠯᠪᠢ ᠶ᠋ᠢ ᠤᠭᠰᠠᠷᠠᠭᠤᠯᠵᠤ᠂ ᠬᠢᠮᠡᠯ ᠴᠠᠭᠠᠨ ᠲᠤᠭ ᠦᠢᠯᠡᠳᠴᠦ᠂ ᠴᠢᠩᠭᠢᠰ ᠬᠠᠭᠠᠨ ᠤ᠋ ᠾᠦᠩᠨᠦ ᠶ᠋ᠢᠨ ᠲᠥᠷᠥ ᠶ᠋ᠢᠨ ᠲᠤᠭ ᠲᠤ᠌ ᠵᠠᠰᠠᠯᠲᠠ ᠬᠢᠬᠦ ᠳ᠋ᠦ᠍ ᠪᠦᠲᠦᠭᠡᠭᠰᠡᠨ ᠦᠢᠯᠡᠳᠬᠦ ᠰᠣᠶᠣᠯ ᠤ᠋ᠨ ᠠᠭᠤᠯᠭ᠎ᠠ ᠶ᠋ᠢ ᠪᠦᠷ ᠵᠠᠯᠭᠠᠮᠵᠢᠯᠠᠭᠰᠠᠨ ᠪᠠᠢᠨ᠎ᠠ᠃ ᠭᠡᠪᠡᠴᠦ ᠶᠤᠸᠠᠨ ᠤᠯᠤᠰ ᠨᠢ ᠱᠠᠰᠢᠨ ᠲᠥᠷᠥ ᠶ᠋ᠢ ᠵᠡᠷᠭᠡᠪᠡᠷ ᠳᠡᠯᠭᠡᠷᠡᠭᠦᠯᠬᠦ ᠲᠥᠷᠥ ᠶ᠋ᠢᠨ ᠪᠣᠳᠣᠯᠭ᠎ᠠ ᠶ᠋ᠢ ᠬᠡᠷᠡᠭᠵᠢᠭᠦᠯᠦᠭᠰᠡᠨ ᠪᠣᠯᠬᠣᠷ ᠬᠢᠮᠡᠯ ᠴᠠᠭᠠᠨ ᠲᠤᠭ ᠢ᠋ ᠦᠢᠯᠡᠳᠦᠨ ᠪᠦᠲᠦᠭᠡᠬᠦ ᠳ᠋ᠦ᠍ ᠪᠠᠰᠠ ᠱᠠᠰᠢᠨ ᠰᠤᠷᠲᠠᠬᠤᠨ ᠤ᠋ ᠰᠣᠶᠣᠯ ᠤ᠋ᠨ ᠡᠯᠧᠮᠧᠨ᠋ᠲ ᠦ᠋ᠳ ᠨᠠᠪᠴᠢᠨ ᠣᠷᠣᠭᠰᠠᠨ ᠪᠠᠢᠨ᠎ᠠ᠃ ᠲᠤᠬᠠᠢ ᠶ᠋ᠢᠨ ᠦᠶ᠎ᠡ ᠳ᠋ᠦ᠍ ᠡᠨᠡ ᠬᠦ᠌ ᠱᠠᠰᠢᠨ ᠰᠤᠷᠲᠠᠬᠤᠨ ᠤ᠋ ᠰᠣᠶᠣᠯ ᠤ᠋ᠨ ᠡᠯᠧᠮᠧᠨ᠋ᠲ ᠨᠢ ᠯᠠᠪ ᠵᠣᠬᠢᠬᠤ ᠨᠢᠭᠡᠨ ᠤᠳᠬ᠎ᠠ ᠰᠠᠨᠠᠭ᠎ᠠ ᠶ᠋ᠢ ᠢᠯᠡᠳᠬᠡᠭᠰᠡᠨ ᠪᠠᠢᠬ᠎ᠠ᠃ 
       ᠡᠷᠳᠡᠮᠲᠡᠨ ᠮᠡᠷᠭᠡᠳ ᠤᠨ ᠮᠠᠷᠭᠤᠨ ᠥᠭᠦᠯᠡᠬᠦ ᠶ᠋ᠢ ᠴᠢᠩ ᠰᠡᠳᠬᠢᠯ ᠡᠴᠡ ᠪᠡᠨ ᠬᠦᠰᠡᠵᠦ ᠪᠠᠢᠨ᠎ᠠ᠃ 

ᠵᠡᠭᠦᠯᠲᠡ 
 ① 《ᠶᠤᠸᠠᠨ ᠤᠯᠤᠰ ᠤ᠋ᠨ ᠵᠠᠷᠯᠢᠭ ᠤ᠋ᠨ ᠠᠯᠲᠠᠨ ᠫᠠᠢᠰᠠ》ᠪᠣᠯ ᠡᠮᠦᠨ᠎ᠡ ᠨᠢᠭᠤᠷ ᠲᠤ᠌ ᠨᠢ ᠰᠡᠢᠯᠦᠮᠡᠯ ᠴᠠᠭᠠᠨ ᠲᠤᠭ ᠤ᠋ᠨ ᠳᠦᠷᠢ ᠶ᠋ᠢ ᠮᠠᠨᠳᠤᠭᠤᠯᠵᠤ᠂ ᠠᠷᠤ ᠨᠢᠭᠤᠷ ᠲᠤ᠌ ᠨᠢ ᠬᠠᠭᠠᠨ ᠤ᠋ ᠵᠠᠷᠯᠢᠭ ᠢ᠋ ᠰᠡᠢᠯᠦᠭᠰᠡᠨ᠂ ᠭᠠᠵᠠᠷ ᠪᠣᠯᠭᠠᠨ ᠳ᠋ᠤ᠌ ᠬᠦᠨᠳᠦᠲᠡᠢ ᠬᠠᠮᠤᠭ ᠤ᠋ᠨ ᠡᠷᠬᠡ ᠰᠦᠷᠲᠦ ᠫᠠᠢᠰᠠ ᠪᠣᠯᠤᠨ᠎ᠠ᠃ ᠡᠨᠡ ᠨᠢ ᠰᠤᠳᠤᠯᠭᠠᠨ ᠤ᠋ ᠦᠨ᠎ᠡ ᠥᠷᠲᠡᠭ ᠢ᠋ᠶ᠋ᠡᠷ ᠥᠨᠳᠥᠷ᠂ ᠬᠣᠪᠣᠷ ᠨᠠᠨᠳᠢᠨ ᠳᠤᠷᠠᠰᠬᠠᠯᠲᠤ ᠡᠳ᠋ ᠪᠣᠯᠬᠤ ᠨᠢ ᠢᠯᠡᠷᠬᠡᠢ ᠪᠠᠢᠨ᠎ᠠ᠃ ᠬᠡᠷᠪᠡ 《ᠡᠷᠲᠡᠨ ᠤ ᠬᠥᠰᠢᠶ᠎ᠡ ᠪᠢᠴᠢᠭᠡᠰᠦ》 ᠶᠢ ᠦᠨ᠎ᠡ ᠥᠷᠲᠡᠭ ᠲᠡᠢ ᠭᠡᠳᠡᠭ ᠶᠦᠮ ᠪᠣᠯ 《ᠵᠠᠷᠯᠢᠭ ᠤ᠋ᠨ ᠠᠯᠲᠠᠨ ᠫᠠᠢᠰᠠ》ᠲᠡᠭᠦᠨ ᠡᠴᠡ ᠵᠠᠭᠤ ᠳᠠᠬᠢᠨ ᠦᠨ᠎ᠡ ᠥᠷᠲᠡᠭ ᠲᠡᠢ᠃ ᠲᠡᠭᠦᠨ ᠤ ᠠᠷᠤ ᠨᠢᠭᠤᠷ ᠳᠡᠭᠡᠷ᠎ᠡ ᠰᠡᠢᠯᠦᠭᠰᠡᠨ ᠵᠠᠷᠯᠢᠭ ᠤ᠋ᠨ ᠦᠭᠡᠰ ᠪᠣᠯᠬᠤ 《‍※※※※》(ᠳᠠᠭᠠᠯᠲᠠ ᠵᠢᠷᠤᠭ) ᠢ ᠬᠢᠴᠢᠶᠡᠩᠭᠦᠢᠯᠡᠨ ᠣᠷᠴᠢᠭᠤᠯᠪᠠᠯ 《ᠮᠥᠩᠬᠡ ᠲᠡᠭᠷᠢ ᠶ᠋ᠢᠨ ᠬᠥᠪᠡᠭᠦᠨ ᠳ᠋ᠦ᠍ᠷ ᠡᠷᠳᠦᠭᠰᠡᠨ ᠶᠡᠬᠡ ᠲᠥᠷᠥ ᠶ᠋ᠢᠨ ᠬᠠᠭᠠᠨ ᠤ᠋ ᠵᠠᠷᠯᠢᠭ ᠲᠤᠰ ᠫᠠᠢᠰᠠ ᠶ᠋ᠢ ᠪᠠᠷᠢᠭᠴᠢ ᠦᠢᠯᠡ ᠶ᠋ᠢ ᠳᠥᠭᠥᠮ ᠢ᠋ᠶ᠋ᠡᠷ ᠭᠦᠢᠴᠡᠳᠬᠡᠨ ᠤᠴᠢᠷ ᠶᠠᠪᠤᠳᠠᠯ ᠢ᠋ ᠪᠣᠭᠳᠠ ᠶ᠋ᠢᠨ ᠰᠠᠨᠠᠭᠠᠨ ᠳ᠋ᠤ᠌ ᠬᠦᠷᠭᠡᠲᠦᠭᠡᠢ》ᠭᠡᠰᠡᠨ ᠤᠳᠬ᠎ᠠ ᠲᠠᠢ ᠪᠠᠢᠨ᠎ᠠ᠃ 
 ② ᠲᠤᠭᠴᠢᠳ ᠪᠣᠯ ᠬᠡᠪᠲᠡᠭᠦᠯ ᠤᠨ ᠬᠣᠢᠴᠢᠰ ᠪᠣᠯᠤᠨ᠎ᠠ᠃ ᠬᠡᠪᠲᠡᠭᠦᠯ ᠪᠣᠯ ᠴᠢᠩᠭᠢᠰ ᠬᠠᠭᠠᠨ ᠶᠡᠬᠡ ᠮᠣᠩᠭᠣᠯ ᠤᠯᠤᠰ ᠢ᠋ ᠪᠠᠢᠭᠤᠯᠵᠤ᠂ 《ᠲᠤᠭ ᠬᠡᠩᠭᠡᠷᠭᠡ ᠪᠦᠷᠢᠶ᠎ᠡ ᠵᠢᠳᠠ ᠶ᠋ᠢ ᠬᠡᠪᠲᠡᠭᠦᠯ ᠬᠠᠮᠢᠶᠠᠷᠲᠤᠭᠠᠢ》 ᠭᠡᠰᠡᠨ ᠵᠠᠷᠯᠢᠭ ᠢ᠋ ᠪᠠᠭᠤᠯᠭᠠᠭᠰᠠᠨ ᠠ᠋ᠴᠠ ᠬᠣᠢᠰᠢ ᠲᠤᠰᠬᠠᠢᠯᠠᠨ ᠴᠠᠭᠠᠨ ᠲᠤᠭ ᠢ᠋ ᠬᠠᠮᠢᠶᠠᠷᠳᠠᠭ ᠴᠡᠷᠢᠭ ᠪᠣᠯᠤᠨ᠎ᠠ᠃ ᠶᠤᠸᠠᠨ ᠤᠯᠤᠰ ᠤ᠋ᠨ ᠦᠶ᠎ᠡ ᠳ᠋ᠦ᠍ ᠡᠨᠡ ᠬᠦ᠌ ᠳᠦᠷᠢᠮ ᠢ᠋ ᠦᠷᠭᠦᠯᠵᠢᠯᠡᠨ ᠬᠡᠷᠡᠭᠵᠢᠭᠦᠯᠵᠡᠢ᠃ ᠬᠡᠪᠲᠡᠭᠦᠯ ᠪᠣᠯ ᠬᠡᠰᠢᠭᠲᠡᠨ ᠴᠡᠷᠢᠭ ᠤᠨ ᠨᠢᠭᠡ ᠰᠠᠯᠪᠤᠷᠢ ᠨᠢ ᠪᠣᠯᠤᠨ᠎ᠠ᠃ ᠣᠯᠠᠨ ᠣᠪᠣᠭ ᠠᠢᠮᠠᠭ ᠤ᠋ᠨ ᠬᠥᠮᠦᠰ ᠢ᠋ᠶ᠋ᠡᠷ ᠪᠦᠷᠢᠯᠳᠦᠭᠰᠡᠨ ᠶᠦᠮ᠃ ᠶᠤᠸᠠᠨ ᠤᠯᠤᠰ ᠤ᠋ᠨ ᠯᠢᠭᠳᠡᠨ ᠬᠠᠭᠠᠨ ᠤ᠋ ᠴᠠᠭᠠᠨ ᠲᠤᠭ ᠢ᠋ ᠬᠠᠮᠠᠭᠠᠯᠠᠭᠠᠳ ᠣᠷᠳᠣᠰ ᠲᠤ᠌ ᠦᠯᠡᠳᠡᠭᠰᠡᠨ ᠬᠡᠳᠦᠨ ᠮᠢᠩᠭᠠᠨ ᠬᠥᠮᠦᠰ ᠲᠦ᠍ ᠬᠦᠢᠳ᠂ ᠲᠥᠯᠥᠩᠭᠦᠰ᠂ ᠲᠤᠭᠴᠢᠨ᠂ ᠬᠠᠳᠠᠴᠢᠨ᠂ ᠶᠠᠩᠭᠠᠭᠠᠳ᠂ ᠤᠨᠤᠭᠠᠴᠢᠨ᠂ ᠬᠣᠷᠴᠢᠨ᠂ ᠰᠢᠨᠡᠳ᠂ ᠣᠩᠨᠢᠭᠤᠳ᠂ ᠰᠢᠷᠭ᠎ᠠ ᠠᠵᠢᠷᠭᠠᠳᠠᠨ ᠵᠡᠷᠭᠡ ᠣᠪᠣᠭ ᠠᠢᠮᠠᠭ ᠤ᠋ᠨ ᠬᠢᠨ ᠪᠣᠢ᠃ ᠡᠳᠡᠨ ᠤ ᠬᠤᠢᠴᠢ ᠦᠶ᠎ᠡ ᠨᠢ ᠣᠳᠣ ᠴᠤ᠌ ᠦᠦᠰᠢᠨ ᠬᠤᠰᠢᠭᠤᠨ ᠳ᠋ᠤ᠌ ᠴᠠᠭᠠᠨ ᠲᠤᠭ ᠢ᠋ᠶ᠋ᠠᠨ ᠳᠠᠬᠢᠭ᠍ᠰᠠᠭᠠᠷ ᠪᠣᠢ᠃ 
 ③ ᠰᠠᠢᠨᠵᠢᠷᠭᠠᠯ: 《ᠮᠣᠩᠭᠣᠯ ᠲᠠᠬᠢᠯᠭ᠎ᠠ》᠂ ᠦᠨᠳᠦᠰᠦᠲᠡᠨ ᠤ ᠬᠡᠪᠯᠡᠯ ᠤᠨ ᠬᠣᠷᠢᠶ᠎ᠠ᠂ 2001 ᠣᠨ᠂ 293᠂ 293 ᠳ᠋ᠤᠭᠠᠷ ᠨᠢᠭᠤᠷ᠃ 
 ④ ᠪᠠᠲᠤᠰᠡᠴᠡᠨ: 《ᠮᠥᠩᠬᠡ ᠵᠤᠯᠠ》᠂ ᠥᠪᠥᠷ ᠮᠣᠩᠭᠣᠯ ᠤ᠋ᠨ ᠰᠤᠷᠭᠠᠨ ᠬᠥᠮᠦᠵᠢᠯ ᠤᠨ ᠬᠡᠪᠯᠡᠯ ᠤᠨ ᠬᠣᠷᠢᠶ᠎ᠠ᠂ 2009 ᠣᠨ᠂ 39 ᠳ᠋ᠦ᠍ᠭᠡᠷ ᠨᠢᠭᠤᠷ᠃ 

                                       2014 ᠣᠨ ᠤ᠋ 5 ᠰᠠᠷ᠎ᠠ 

    【ᠵᠣᠬᠢᠶᠠᠯ ᠤ᠋ᠨ ᠲᠠᠨᠢᠯᠴᠠᠭᠤᠯᠭ᠎ᠠ】 ᠲᠤᠰ ᠥᠭᠦᠯᠡᠯ《ᠰᠢᠯᠢ ᠶ᠋ᠢᠨ ᠭᠣᠣᠯ ᠤ᠋ᠨ ᠡᠳᠦᠷ ᠤᠨ ᠰᠣᠨᠢᠨ》 ᠤ᠋ 《ᠰᠣᠶᠣᠯ ᠭᠠᠷᠠᠭ ᠤ᠋ᠨ ᠬᠡᠪᠯᠡᠯ》ᠤᠨ ᠲᠠᠯᠠᠨ ᠳᠥᠷᠪᠡᠳᠦᠭᠡᠷ ᠬᠤᠭᠤᠴᠠᠭ᠎ᠠ ᠪᠣᠯᠤᠨ 《ᠰᠢᠯᠢ ᠶ᠋ᠢᠨ ᠭᠣᠣᠯ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠤ ᠰᠡᠳᠬᠦᠯ) (2014 ᠣᠨ)  ᠦᠨ ᠬᠣᠶᠠᠳᠤᠭᠠᠷ ᠬᠤᠭᠤᠴᠠᠭ᠎ᠠ ᠳᠡᠭᠡᠷ᠎ᠡ ᠨᠡᠢᠲᠡᠯᠡᠭᠳᠡᠵᠦ ᠥᠩᠭᠡᠷᠡᠵᠡᠢ᠃ 

                                           ᠵᠣᠬᠢᠶᠠᠭᠴᠢ  

     ※ᠳᠠᠭᠠᠠᠯᠲᠠ ᠵᠢᠷᠤᠭ