ᠬᠥᠭᠵᠢᠨ ᠮᠠᠨᠳᠤᠵᠤ ᠪᠣᠢ ᠮᠣᠩᠭᠣᠯ ᠤᠯᠤᠰ ᠬᠦᠴᠦᠷᠬᠡᠭᠵᠢᠵᠦ ᠨᠡᠩ ᠪᠡᠬᠢᠵᠢᠬᠦ ᠪᠣᠯᠲᠤᠭᠠᠢ — ᠬᠢᠶᠠᠳ ᠪᠣᠷᠵᠢᠭᠢᠨ ᠬᠠᠰᠯᠤᠤ Хөгжин мандаж буй монгол улс хүчирхэгжиж нэн бэхжих болтугай — Хиад Боржигин Хаслуу ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠭᠵᠢᠨ ᠮᠠᠨᠳᠤᠵᠤ ᠪᠣᠢ ᠮᠣᠩᠭᠣᠯ ᠤᠯᠤᠰ ᠬᠦᠴᠦᠷᠬᠡᠭᠵᠢᠵᠦ ᠨᠡᠩ ᠪᠡᠬᠢᠵᠢᠬᠦ ᠪᠣᠯᠲᠤᠭᠠᠢ — ᠬᠢᠶᠠᠳ ᠪᠣᠷᠵᠢᠭᠢᠨ ᠬᠠᠰᠯᠤᠤ Хөгжин мандаж буй монгол улс хүчирхэгжиж нэн бэхжих болтугай — Хиад Боржигин Хаслуу

ᠬᠥᠭᠵᠢᠨ ᠮᠠᠨᠳᠤᠵᠤ ᠪᠣᠢ ᠮᠣᠩᠭᠣᠯ ᠤᠯᠤᠰ ᠬᠦᠴᠦᠷᠬᠡᠭᠵᠢᠵᠦ ᠨᠡᠩ ᠪᠡᠬᠢᠵᠢᠬᠦ ᠪᠣᠯᠲᠤᠭᠠᠢ — ᠬᠢᠶᠠᠳ ᠪᠣᠷᠵᠢᠭᠢᠨ ᠬᠠᠰᠯᠤᠤ Хөгжин мандаж буй монгол улс хүчирхэгжиж нэн бэхжих болтугай — Хиад Боржигин Хаслуу

2026-02-28

401

ᠬᠥᠭᠵᠢᠨ ᠮᠠᠨᠳᠤᠵᠤ ᠪᠣᠢ ᠮᠣᠩᠭᠣᠯ ᠤᠯᠤᠰ ᠬᠦᠴᠦᠷᠬᠡᠭᠵᠢᠵᠦ ᠨᠡᠩ ᠪᠡᠬᠢᠵᠢᠬᠦ ᠪᠣᠯᠲᠤᠭᠠᠢ


           — ᠬᠢᠶᠠᠳ ᠪᠣᠷᠵᠢᠭᠢᠨ ᠬᠠᠰᠯᠤᠤ  

 ᠪᠥᠷᠲᠡ ᠴᠢᠨᠣ᠎ᠠ᠂ ᠬᠤᠸᠠ ᠮᠠᠷᠠᠯ ᠤ᠋ᠨ 
 ᠪᠥᠮᠪᠥᠷᠴᠡᠭ ᠳᠡᠯᠡᠬᠡᠢ ᠳ᠋ᠡᠬᠢ ᠳᠠᠷᠬᠠᠨ ᠪᠠᠭᠤᠴᠠ 
 ᠪᠦᠬᠦ ᠮᠣᠩᠭᠣᠯ ᠤ᠋ᠨ ᠢᠵᠠᠭᠤᠷ ᠳᠡᠭᠡᠳᠦᠰ ᠦ᠋ᠨ  
 ᠪᠥᠬᠥᠰᠢ ᠦᠭᠡᠢ ᠳᠡᠭᠵᠢᠭᠡᠭᠰᠡᠨ ᠮᠥᠩᠬᠡ ᠶ᠋ᠢᠨ ᠭᠣᠯᠣᠮᠲᠠ  
 ᠲᠡᠮᠦᠵᠢᠨ ᠬᠥᠪᠡᠭᠦᠨ ᠲᠥᠷᠥᠵᠦ ᠮᠡᠨᠳᠦᠯᠡᠬᠦ ᠳ᠋ᠦ᠍ 
 ᠲᠡᠪᠡᠷᠢᠵᠦ ᠲᠤᠰᠤᠭᠰᠠᠨ ᠲᠣᠷᠭᠠᠨ ᠥᠯᠥᠭᠡᠢ  
 ᠲᠩᠷᠢᠯᠢᠭ ᠡᠵᠡᠨ ᠴᠢᠩᠭᠢᠰ ᠬᠠᠭᠠᠨ ᠤ᠋ 
 ᠲᠡᠮᠡᠴᠡᠵᠦ ᠪᠠᠢᠯᠳᠤᠭᠰᠠᠨ ᠳᠠᠢᠴᠢᠨ ᠣᠷᠣᠨ  
 ᠪᠣᠭᠳᠠ ᠪᠠᠭᠠᠲᠤᠷ ᠤ᠋ᠨ ᠤᠤᠭᠠᠨ ᠰᠠᠭᠤᠳᠠᠯ 
 ᠪᠤᠷᠬᠠᠨ ᠬᠠᠯᠳᠤᠨ ᠠᠭᠤᠤ ᠠᠭᠤᠯᠠ 
 ᠪᠤᠶᠠᠨᠲᠤ ᠲᠡᠭᠦᠨ ᠢ᠋ ᠠᠷᠢᠭᠤᠰᠬᠠᠨ ᠤᠬᠢᠶᠠᠭᠰᠠᠨ 
 ᠪᠣᠯᠣᠷ ᠲᠤᠩᠭᠠᠯᠠᠭ ᠤᠨᠤᠨ ᠮᠥᠷᠡᠨ  
 ᠡᠨᠡ ᠪᠦᠬᠦᠨ ᠢ᠋ ᠡᠷᠬᠢᠮᠯᠡᠨ ᠳᠡᠭᠡᠳᠦᠯᠡᠵᠦ 
 ᠡᠯᠢᠭᠡᠨ ᠳᠡᠭᠡᠷ᠎ᠡ ᠪᠡᠨ ᠰᠢᠲᠦᠵᠦ ᠪᠠᠢᠭ᠎ᠠ 
 ᠡᠷᠬᠡᠰᠢᠶᠡᠯ ᠬᠢᠵᠠᠭᠠᠷᠯᠠᠯ ᠳ᠋ᠤ᠌ ᠪᠣᠭᠣᠭᠳᠠᠯ ᠦᠭᠡᠢ 
 ᠡᠷᠬᠡ ᠴᠢᠯᠥᠭᠡᠲᠦ ᠲᠤᠰᠠᠭᠠᠷ ᠲᠣᠭᠲᠠᠨᠢᠭᠰᠠᠨ  
 ᠬᠥᠭᠵᠢᠨ ᠮᠠᠨᠳᠤᠵᠤ ᠪᠣᠢ ᠮᠣᠩᠭᠣᠯ ᠤᠯᠤᠰ 
 ᠬᠦᠴᠦᠷᠬᠡᠭᠵᠢᠵᠦ ᠨᠡᠩ ᠪᠡᠬᠢᠵᠢᠬᠦ ᠪᠣᠯᠲᠤᠭᠠᠢ!  

 ᠲᠠᠷᠬᠠᠵᠤ ᠪᠤᠲᠠᠷᠠᠪᠠᠯ ᠪᠦᠷᠢᠯᠵᠦ ᠳᠠᠭᠤᠰᠬᠤ ᠶ᠋ᠢ 
 ᠲᠠᠪᠠᠲᠠᠢ ᠨᠢᠭᠲᠠᠷᠠᠪᠠᠯ ᠪᠥᠬᠡᠵᠢᠵᠦ ᠪᠠᠲᠤᠵᠢᠬᠤ ᠶ᠋ᠢ 
 ᠲᠠᠪᠤᠨ ᠮᠥᠰᠥ ᠪᠡᠷ ᠵᠢᠱ᠌ᠢᠶᠡᠯᠡᠨ ᠨᠤᠲᠠᠯᠠᠵᠤ 
 ᠳᠠᠶᠠᠭᠠᠷ ᠮᠣᠩᠭᠣᠯ ᠢ᠋ ᠰᠡᠩᠬᠡᠷᠡᠭᠦᠯᠦᠨ ᠰᠤᠷᠭᠠᠭᠴᠢ—  
 ᠲᠠᠲ᠋ᠠᠷ ᠲᠠᠢᠴᠢᠭᠤᠳ ᠭᠤᠷᠪᠠᠨ ᠮᠡᠷᠭᠡᠳ ᠦ᠋ᠨ ᠰᠢᠭ 
 ᠲᠠᠩᠭᠠᠢ ᠯᠤᠢᠪᠠᠷ ᠳᠡᠭᠡᠷᠡᠮᠴᠢ ᠠᠮᠢᠲᠠᠳ ᠢ᠋ 
 ᠲᠠᠰᠤ ᠳᠠᠷᠤᠩᠭᠤᠢᠯᠠᠵᠤ᠂ ᠡᠷᠡᠰ ᠨᠣᠮᠣᠬᠠᠳᠬᠠᠬᠤ 
 ᠲᠠᠨᠢᠯᠲᠠ ᠤᠬᠠᠮᠰᠠᠷ ᠤ᠋ᠨ ᠰᠠᠭᠤᠷᠢ ᠶ᠋ᠢ ᠲᠠᠯᠪᠢᠭᠴᠢ—  
 ᠠᠯᠳᠠᠷᠲᠤ ᠰᠤᠷᠭᠠᠭᠴᠢ ᠠᠯᠤᠩᠭᠤᠸ᠎ᠠ ᠡᠬᠡ ᠶ᠋ᠢᠨ 
 ᠠᠤᠭ᠎ᠠ ᠶᠡᠬᠡ ᠮᠡᠷᠭᠡᠨ ᠦᠭᠡᠰ ᠢ᠋ 
 ᠠᠷᠢᠭ ᠤᠰᠤ ᠬᠡᠮᠡᠬᠦ ᠨᠤᠲᠤᠭ ᠤᠰᠤᠨ ᠤ᠋ ᠬᠢᠨᠢ 
 ᠠᠷᠢᠭᠤᠨ ᠲᠠᠭᠱᠠᠨ ᠦᠵᠡᠰᠬᠦᠯᠡᠩᠲᠦ ᠪᠠᠢᠭᠠᠯᠢ ᠶ᠋ᠢ  
 ᠡᠨᠡ ᠪᠦᠬᠦᠨ ᠢ᠋ ᠡᠷᠬᠢᠮᠯᠡᠨ ᠳᠡᠭᠡᠳᠦᠯᠡᠵᠦ 
 ᠡᠯᠢᠭᠡᠨ ᠳᠡᠭᠡᠷ᠎ᠡ ᠪᠡᠨ ᠰᠢᠲᠦᠵᠦ ᠪᠠᠢᠭ᠎ᠠ 
 ᠡᠷᠬᠡᠰᠢᠶᠡᠯ ᠬᠢᠵᠠᠭᠠᠷᠯᠠᠯ ᠳ᠋ᠤ᠌ ᠪᠣᠭᠣᠭᠳᠠᠯ ᠦᠭᠡᠢ 
 ᠡᠷᠬᠡ ᠴᠢᠯᠥᠭᠡᠲᠦ ᠲᠤᠰᠠᠭᠠᠷ ᠲᠣᠭᠲᠠᠨᠢᠭᠰᠠᠨ  
 ᠬᠥᠭᠵᠢᠨ ᠮᠠᠨᠳᠤᠵᠤ ᠪᠣᠢ ᠮᠣᠩᠭᠣᠯ ᠤᠯᠤᠰ 
 ᠬᠦᠴᠦᠷᠬᠡᠭᠵᠢᠵᠦ ᠨᠡᠩ ᠪᠡᠬᠢᠵᠢᠬᠦ ᠪᠣᠯᠲᠤᠭᠠᠢ!  

 ᠨᠠᠩᠭᠢᠶᠠᠳ᠂ ᠰᠠᠷᠲᠠᠭᠤᠯ᠂ ᠲᠠᠩᠭᠤᠳ᠂ ᠰᠣᠯᠣᠩᠭᠣᠰ 
 ᠨᠠᠮᠨᠠᠵᠤ ᠬᠤᠷᠢᠶᠠᠭᠰᠠᠨ ᠳᠥᠷᠪᠡᠨ ᠬᠠᠷᠢ ᠲᠠᠢ 
 ᠠᠯᠲᠠᠨ ᠣᠷᠳᠣᠲᠤ᠂ ᠴᠠᠭᠠᠲᠠᠢ᠂ ᠢᠯ᠂ ᠬᠠᠪᠴᠢᠭ 
 ᠠᠭᠤᠵᠢᠷᠠᠨ ᠳᠡᠯᠭᠡᠷᠡᠭᠰᠡᠨ ᠬᠠᠨᠳᠤ ᠤᠯᠤᠰ ᠤ᠋ᠳ ᠲᠠᠢ  
 ᠪᠠᠢᠭᠠᠯ ᠳᠠᠯᠠᠢ᠂ ᠴᠠᠭᠠᠨ ᠬᠡᠷᠡᠮ ᠢ᠋ᠶ᠋ᠡᠷ 
 ᠪᠠᠢᠷᠢᠰᠢᠯ ᠳᠡᠪᠢᠰᠬᠡᠷ ᠦ᠋ᠨ ᠬᠢᠯᠢ ᠲᠡᠢ ᠪᠠᠢᠭᠰᠠᠨ 
 ᠥᠨᠳᠥᠷ ᠠᠯᠲᠠᠢ᠂ ᠬᠢᠩᠭᠠᠨ ᠤ᠋ ᠨᠢᠷᠤᠭᠤ ᠪᠠᠷ 
 ᠥᠷᠥᠨ᠎ᠡ᠂ ᠳᠣᠷᠣᠨ᠎ᠠ ᠶ᠋ᠢᠨ ᠵᠠᠬ᠎ᠠ ᠲᠠᠢ ᠪᠠᠢᠭᠰᠠᠨ  
 ᠶᠢᠰᠦᠨ ᠬᠥᠯᠲᠦ ᠴᠠᠭᠠᠨ ᠲᠤᠭ ᠲᠠᠢ 
 ᠶᠢᠰᠦᠨ ᠥᠷᠯᠥᠭ ᠪᠠᠭᠠᠲᠤᠷ ᠵᠠᠩᠵᠤᠨ ᠲᠠᠢ 
 ᠶᠡᠷᠦᠩᠬᠡᠢ ᠡᠵᠡᠨ ᠴᠢᠩᠭᠢᠰ ᠦ᠋ᠨ ᠪᠠᠢᠭᠤᠯᠤᠭᠰᠠᠨ 
 ᠶᠡᠬᠡ ᠮᠣᠩᠭᠣᠯ ᠤᠯᠤᠰ ᠤ᠋ᠨ ᠣᠴᠣᠭ ᠭᠣᠯᠣᠮᠲᠠ᠂  
 ᠡᠨᠡ ᠪᠦᠬᠦᠨ ᠢ᠋ ᠡᠷᠬᠢᠮᠯᠡᠨ ᠳᠡᠭᠡᠳᠦᠯᠡᠵᠦ 
 ᠡᠯᠢᠭᠡᠨ ᠳᠡᠭᠡᠷ᠎ᠡ ᠪᠡᠨ ᠰᠢᠲᠦᠵᠦ ᠪᠠᠢᠭ᠎ᠠ 
 ᠡᠷᠬᠡᠰᠢᠶᠡᠯ ᠬᠢᠵᠠᠭᠠᠷᠯᠠᠯ ᠳ᠋ᠤ᠌ ᠪᠣᠭᠣᠭᠳᠠᠯ ᠦᠭᠡᠢ 
 ᠡᠷᠬᠡ ᠴᠢᠯᠥᠭᠡᠲᠦ ᠲᠤᠰᠠᠭᠠᠷ ᠲᠣᠭᠲᠠᠨᠢᠭᠰᠠᠨ  
 ᠬᠥᠭᠵᠢᠨ ᠮᠠᠨᠳᠤᠵᠤ ᠪᠣᠢ ᠮᠣᠩᠭᠣᠯ ᠤᠯᠤᠰ 
 ᠬᠦᠴᠦᠷᠬᠡᠭᠵᠢᠵᠦ ᠨᠡᠩ ᠪᠡᠬᠢᠵᠢᠬᠦ ᠪᠣᠯᠲᠤᠭᠠᠢ!  

       ᠦᠰᠦᠭ ᠠᠮᠢᠯᠠᠭᠤᠯᠤᠭᠴᠢ᠄ ᠬᠢᠶᠠᠳ ᠪᠣᠷᠵᠢᠭᠢᠨ ᠬᠠᠰᠯᠤᠤ 
          ᠬᠢᠨᠠᠭᠴᠢ᠄ ᠵᠢᠩᠯᠢᠬᠤᠸᠠᠷ᠂ ᠣᠳᠬᠠᠨᠰᠣ᠎ᠠ