ᠨᠠᠢᠷ ᠲᠤ᠌ ᠵᠢᠷᠭᠠᠬᠤ ᠡᠬᠡ ᠣᠷᠣᠨ -ᠬᠤᠷᠳᠤ ᠬᠠᠮᠲᠤᠯᠢᠭNairt jargakhu ekh oron-Khurd khamtlagНайрт жаргаху эх орон-Хурд хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢᠷ ᠲᠤ᠌ ᠵᠢᠷᠭᠠᠬᠤ ᠡᠬᠡ ᠣᠷᠣᠨ -ᠬᠤᠷᠳᠤ ᠬᠠᠮᠲᠤᠯᠢᠭNairt jargakhu ekh oron-Khurd khamtlagНайрт жаргаху эх орон-Хурд хамтлаг

ᠨᠠᠢᠷ ᠲᠤ᠌ ᠵᠢᠷᠭᠠᠬᠤ ᠡᠬᠡ ᠣᠷᠣᠨ -ᠬᠤᠷᠳᠤ ᠬᠠᠮᠲᠤᠯᠢᠭNairt jargakhu ekh oron-Khurd khamtlagНайрт жаргаху эх орон-Хурд хамтлаг

ᠠᠩᠭᠢᠯᠠᠯ:ᠳᠠᠭᠤᠤ ᠬᠥᠭᠵᠢᠮ
2026-02-28

248

ᠨᠠᠢᠷ ᠲᠤ᠌ ᠵᠢᠷᠭᠠᠬᠤ ᠡᠬᠡ ᠣᠷᠣᠨ


         ᠦᠭᠡ᠄ ᠪᠠᠶᠠᠭᠤᠳ· ᠴᠣᠭᠵᠢᠯᠲᠤ 
         ᠠᠶ᠎ᠠ᠄ ᠬᠤᠷᠳᠤ ᠬᠠᠮᠲᠤᠯᠢᠭ 
         ᠳᠠᠭᠤᠴᠢᠨ᠄ ᠬᠤᠷᠳᠤ ᠬᠠᠮᠲᠤᠯᠢᠭ 

ᠤᠷᠲᠤ ᠶ᠋ᠢᠨ ᠤᠶᠠᠩᠭ᠎ᠠ ᠳᠠᠭᠤᠤ ᠨᠢ ᠡᠭᠡᠰᠢᠭᠯᠡᠭᠰᠡᠨ 
ᠲᠤᠩᠭᠠᠯᠠᠭ ᠤᠨᠤᠨ ᠮᠥᠷᠡᠨ ᠮᠢᠨᠢ 
ᠠᠭᠤᠳᠠᠮ ᠲᠠᠯ᠎ᠠ ᠶ᠋ᠢᠨ ᠵᠢᠷᠦᠬᠡᠨ ᠳ᠋ᠦ᠍ ᠪᠤᠯᠭᠢᠯᠠᠭᠰᠠᠨ 
ᠥᠷᠭᠡᠨ ᠶᠡᠬᠡ ᠠᠭᠤᠯᠠᠰ ᠨᠢᠷᠤᠭᠤᠳ ᠮᠢᠨᠢ 
ᠬᠠᠷᠠᠭ᠎ᠠ ᠠᠯᠳᠠᠮ᠎ᠠ ᠠᠯᠤᠰᠷᠠᠨ ᠵᠡᠷᠭᠡᠯᠭᠡᠲᠦᠭᠰᠡᠨ 
ᠠᠭᠤᠳᠠᠮ ᠰᠢᠷᠭᠠᠯ ᠲᠡᠨᠢᠭᠦᠨ ᠭᠣᠪᠢ ᠮᠢᠨᠢ 
ᠬᠠᠳᠠᠭ ᠤ᠋ᠨ ᠤᠨᠢᠶᠠᠷ  ᠲᠤ᠌ ᠰᠤᠭᠤᠨᠠᠭ ᠲᠠᠲᠠᠭᠤᠯᠤᠭᠰᠠᠨ 
ᠣᠢ ᠬᠥᠪᠴᠢ ᠶ᠋ᠢᠨ ᠲᠠᠢᠭ᠎ᠠ ᠮᠢᠨᠦ ᠡᠬᠡ ᠣᠷᠣᠨ 

ᠠᠯᠲᠠᠨ ᠳᠡᠯᠡᠬᠡᠢ ᠳ᠋ᠦ᠍ ᠠᠴᠢᠯᠠᠵᠤ ᠢᠪᠡᠭᠡᠭᠰᠡᠨ
ᠠᠪᠤ ᠶ᠋ᠢᠨ ᠮᠢᠨᠢ ᠪᠤᠶᠠᠨ ᠵᠠᠶᠠᠭ᠎ᠠ
ᠠᠷᠭᠤᠮᠠᠭ ᠬᠦᠯᠦᠭ ᠦ᠋ᠨ ᠰᠢᠨᠳᠠᠰᠤ ᠰᠢᠯᠭᠠᠭᠰᠠᠨ
ᠲᠡᠨᠢᠭᠦᠨ ᠳᠡᠯᠭᠡᠷ ᠮᠣᠩᠭᠣᠯ ᠣᠷᠣᠨ ᠮᠢᠨᠢ
ᠡᠩᠬᠡ ᠬᠣᠷᠸ᠎ᠠ ᠳ᠋ᠤ᠌ ᠠᠮᠢᠳᠤᠷᠠᠯ ᠬᠠᠢᠷᠠᠯᠠᠭᠰᠠᠨ
ᠡᠵᠢ ᠶ᠋ᠢᠨ ᠮᠢᠨᠢ ᠤᠨᠠᠭᠠᠨ ᠨᠤᠲᠤᠭ
ᠡᠷᠡᠮᠡᠭ ᠱᠣᠩᠬᠣᠷ ᠤ᠋ᠨ ᠵᠢᠭᠦᠷ ᠴᠣᠴᠢᠭᠠᠭᠰᠠᠨ
ᠠᠭᠤᠳᠠᠮ ᠲᠠᠯ᠎ᠠ ᠶ᠋ᠢᠨ ᠡᠬᠡ ᠣᠷᠣᠨ ᠮᠢᠨᠢ ᠵᠠ

ᠡᠪᠦᠭᠡ ᠳᠡᠭᠡᠳᠦᠰ ᠦ᠋ᠨ ᠢᠷᠦᠭᠡᠯ ᠰᠢᠩᠭᠡᠭᠰᠡᠨ
ᠥᠨᠳᠥᠷ ᠰᠦᠷᠯᠢᠭ ᠪᠤᠳᠠᠩᠲᠤ ᠬᠠᠢᠷᠬᠠᠨ ᠨᠤᠭᠤᠳ ᠮᠢᠨᠢ
ᠥᠭᠡᠳᠡᠷᠬᠡᠭ ᠲᠦᠮᠡᠨ ᠦ᠌ ᠮᠢᠨᠢ ᠥᠯᠥᠭᠡᠢ ᠪᠣᠯᠤᠭᠰᠠᠨ
ᠥᠷᠭᠡᠨ ᠰᠠᠢᠬᠠᠨ ᠲᠡᠨᠢᠭᠡᠷ ᠲᠠᠯ᠎ᠠ ᠨᠤᠲᠤᠭ
ᠡᠨᠡ ᠶᠢᠷᠲᠢᠨᠴᠦ ᠳ᠋ᠦ᠍ ᠮᠥᠷ ᠢ᠋ᠶ᠋ᠡᠨ ᠦᠯᠡᠳᠡᠭᠡᠭᠰᠡᠨ
ᠡᠯᠢᠭᠡᠨ ᠰᠠᠳᠤᠨ ᠲᠥᠷᠥᠯ ᠪᠢᠳᠡᠨ ᠦ᠌ ᠥᠯᠥᠭᠡᠢ
ᠡᠭᠡᠨᠡᠭᠲᠡ ᠲᠠᠩᠳᠠ ᠰᠡᠳᠬᠢᠯ ᠳ᠋ᠦ᠍ ᠤᠶᠠᠭᠠᠲᠠᠢ
ᠡᠩᠬᠦᠷᠡᠢ ᠮᠣᠩᠭᠣᠯ ᠮᠢᠨᠦ ᠡᠬᠡ ᠣᠷᠣᠨ

ᠠᠯᠲᠠᠨ ᠳᠡᠯᠡᠬᠡᠢ ᠳ᠋ᠦ᠍ ᠠᠴᠢᠯᠠᠵᠤ ᠢᠪᠡᠭᠡᠭᠰᠡᠨ
ᠠᠪᠤ ᠶ᠋ᠢᠨ ᠮᠢᠨᠢ ᠪᠤᠶᠠᠨ ᠵᠠᠶᠠᠭ᠎ᠠ
ᠠᠷᠭᠤᠮᠠᠭ ᠬᠦᠯᠦᠭ ᠦ᠋ᠨ ᠰᠢᠨᠳᠠᠰᠤ ᠰᠢᠯᠭᠠᠭᠰᠠᠨ
ᠲᠡᠨᠢᠭᠦᠨ ᠳᠡᠯᠭᠡᠷ ᠮᠣᠩᠭᠣᠯ ᠣᠷᠣᠨ ᠮᠢᠨᠢ
ᠡᠩᠬᠡ ᠬᠣᠷᠸ᠎ᠠ ᠳ᠋ᠤ᠌ ᠠᠮᠢᠳᠤᠷᠠᠯ ᠬᠠᠢᠷᠠᠯᠠᠭᠰᠠᠨ
ᠡᠵᠢ ᠶ᠋ᠢᠨ ᠮᠢᠨᠢ ᠤᠨᠠᠭᠠᠨ ᠨᠤᠲᠤᠭ
ᠡᠷᠡᠮᠡᠭ ᠱᠣᠩᠬᠣᠷ ᠤ᠋ᠨ ᠵᠢᠭᠦᠷ ᠴᠣᠴᠢᠭᠠᠭᠰᠠᠨ
ᠠᠭᠤᠳᠠᠮ ᠲᠠᠯ᠎ᠠ ᠶ᠋ᠢᠨ ᠡᠬᠡ ᠣᠷᠣᠨ ᠮᠢᠨᠢ ᠵᠠ

ᠠᠯᠲᠠᠨ ᠳᠡᠯᠡᠬᠡᠢ ᠳ᠋ᠦ᠍ ᠠᠴᠢᠯᠠᠵᠤ ᠢᠪᠡᠭᠡᠭᠰᠡᠨ
ᠠᠪᠤ ᠶ᠋ᠢᠨ ᠮᠢᠨᠢ ᠪᠠᠶᠠᠨ ᠵᠠᠶᠠᠭ᠎ᠠ
ᠠᠷᠭᠤᠮᠠᠭ ᠬᠦᠯᠦᠭ ᠦ᠋ᠨ ᠰᠢᠨᠳᠠᠰᠤ ᠰᠢᠯᠭᠠᠭᠰᠠᠨ
ᠲᠡᠨᠢᠭᠦᠨ ᠳᠡᠯᠭᠡᠷ ᠮᠣᠩᠭᠣᠯ ᠣᠷᠣᠨ ᠮᠢᠨᠢ
ᠡᠩᠬᠡ ᠬᠣᠷᠸ᠎ᠠ ᠳ᠋ᠤ᠌ ᠠᠮᠢᠳᠤᠷᠠᠯ ᠬᠠᠢᠷᠠᠯᠠᠭᠰᠠᠨ
ᠡᠵᠢ ᠶ᠋ᠢᠨ ᠮᠢᠨᠢ ᠤᠨᠠᠭᠠᠨ ᠨᠤᠲᠤᠭ
ᠡᠷᠡᠮᠡᠭ ᠱᠣᠩᠬᠣᠷ ᠤ᠋ᠨ ᠵᠢᠭᠦᠷ ᠴᠣᠴᠢᠭᠠᠭᠰᠠᠨ
ᠠᠭᠤᠳᠠᠮ ᠲᠠᠯ᠎ᠠ ᠶ᠋ᠢᠨ ᠡᠬᠡ ᠣᠷᠣᠨ ᠮᠢᠨᠢ ᠵᠠ
ᠠᠭᠤᠳᠠᠮ ᠲᠠᠯ᠎ᠠ ᠶ᠋ᠢᠨ ᠡᠬᠡ ᠣᠷᠣᠨ ᠮᠢᠨᠢ ᠵᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ