ᠤᠷᠠᠨ ᠲᠠᠩᠨᠠᠢ ᠶ᠋ᠢᠨ ᠰᠢᠯᠢ-ᠰᠣᠯᠣᠩᠭ᠎ᠠ ᠳᠠᠭᠤᠤ ᠶ᠋ᠢᠨ ᠪᠦᠯᠬᠦᠮUran tagnain shil-Solongo duugiin bülgemУран тагнайн шил-Солонго дуугийн бүлгэм
ᠤᠷᠠᠨ ᠲᠠᠩᠨᠠᠢ ᠶ᠋ᠢᠨ ᠰᠢᠯᠢ
ᠪᠠᠶᠠᠨᠨᠠᠭᠤᠷ ᠬᠣᠲᠠ ᠶ᠋ᠢᠨ ᠤᠷᠠᠳ ᠤ᠋ᠨ ᠬᠣᠢᠲᠤ ᠬᠤᠰᠢᠭᠤᠨ ᠤ᠋《ᠰᠣᠯᠣᠩᠭ᠎ᠠ》 ᠳᠠᠭᠤᠤ ᠶ᠋ᠢᠨ ᠪᠦᠯᠬᠦᠮ ᠦ᠋ᠨ ᠭᠡᠰᠢᠭᠦᠳ ᠡᠴᠡ ᠳᠠᠭᠤᠯᠠᠨ᠎ᠠ
ᠤᠷᠠᠨ ᠲᠠᠩᠨᠠᠢ ᠶ᠋ᠢᠨ ᠰᠢᠯᠢ ᠳ᠋ᠦ᠍
ᠤᠨᠠᠭᠠᠯᠠᠭᠰᠠᠨ ᠬᠦᠷᠡᠩ ᠮᠢᠨᠢ
ᠤᠷᠠᠳ ᠪᠡᠢᠯᠡ ᠶ᠋ᠢᠨ ᠬᠤᠰᠢᠭᠤᠨ ᠳ᠋ᠤ᠌ ᠪᠠᠨ
ᠭᠠᠢᠬᠠᠭᠳᠠᠭᠰᠠᠨ ᠬᠦᠷᠡᠩ ᠮᠢᠨᠢ
ᠳᠠᠭ᠎ᠠ ᠠ᠋ᠴᠠ ᠨᠢ ᠤᠨᠤᠬᠤ ᠳ᠋ᠤ᠌
ᠳᠠᠯᠠᠨ ᠬᠣᠶᠠᠷ ᠲᠣᠭᠯᠠᠳᠠᠭ
ᠳᠠᠯᠠᠳ ᠪᠡᠢᠯᠡ ᠶ᠋ᠢᠨ ᠬᠤᠰᠢᠭᠤᠨ ᠳ᠋ᠤ᠌ ᠪᠠᠨ
ᠭᠠᠢᠬᠠᠭᠳᠠᠭᠰᠠᠨ ᠬᠦᠷᠡᠩ ᠮᠢᠨᠢ
ᠦᠷᠢᠶ᠎ᠡ ᠳᠡᠭᠡᠷ᠎ᠡ ᠨᠢ ᠤᠨᠤᠬᠤ ᠳ᠋ᠤ᠌
ᠦᠶ᠎ᠡ ᠦᠶ᠎ᠡ ᠲᠣᠢᠯᠠᠨᠠ
ᠤᠷᠠᠳ ᠪᠡᠢᠯᠡ ᠶ᠋ᠢᠨ
ᠬᠤᠰᠢᠭᠤᠨ ᠳ᠋ᠤ᠌ ᠪᠠᠨ
ᠮᠠᠭᠲᠠᠭᠳᠠᠭᠰᠠᠨ ᠬᠦᠷᠡᠩ ᠮᠢᠨᠢ
ᠬᠠᠶᠠᠭᠠᠨ ᠠ᠋ᠴᠠ ᠪᠠᠨ ᠤᠶᠠᠬᠤ ᠳ᠋ᠤ᠌
ᠬᠠᠩᠭᠢᠨᠠᠭᠤᠯᠤᠭᠰᠠᠨ ᠬᠦᠷᠡᠩ ᠮᠢᠨᠢ
ᠬᠠᠷᠢ ᠶ᠋ᠢᠨ ᠬᠣᠰᠢᠭᠤ ᠪᠠᠷ ᠶᠠᠪᠤᠬᠤ ᠳ᠋ᠤ᠌ ᠪᠠᠨ
ᠭᠠᠢᠬᠠᠭᠳᠠᠭᠰᠠᠨ ᠬᠦᠷᠡᠩ ᠮᠢᠨᠢ
ᠬᠠᠭᠠᠨ ᠱᠠᠩ ᠤ᠋ᠨ ᠡᠭᠦᠳᠡᠨ ᠳᠡᠭᠡᠷ᠎ᠡ
ᠬᠠᠷ᠎ᠠ ᠲᠣᠷᠭᠠᠨ ᠨᠣᠭᠲᠣ ᠲᠠᠢ
ᠬᠠᠭᠠᠨ ᠬᠠᠲᠤᠨ ᠬᠣᠶᠠᠷ ᠲᠤ᠌
ᠭᠠᠢᠬᠠᠭᠳᠠᠭᠰᠠᠨ ᠬᠦᠷᠡᠩ ᠮᠢᠨᠢ
ᠨᠣᠶᠠᠨ ᠱᠠᠩ ᠤ᠋ᠨ ᠡᠭᠦᠳᠡᠨ ᠳᠡᠭᠡᠷ᠎ᠡ
ᠨᠣᠭᠣᠭᠠᠨ ᠲᠣᠷᠭᠠᠨ ᠨᠣᠭᠲᠣ ᠲᠠᠢ
ᠨᠣᠶᠠᠨ ᠬᠠᠲᠤᠨ ᠬᠣᠶᠠᠷ ᠲᠤ᠌
ᠭᠠᠢᠬᠠᠭᠳᠠᠭᠰᠠᠨ ᠬᠦᠷᠡᠩ ᠮᠢᠨᠢ
ᠭᠠᠢᠬᠠᠭᠳᠠᠭᠰᠠᠨ ᠬᠦᠷᠡᠩ ᠮᠢᠨᠢ
ᠦᠰᠦᠭ ᠠᠮᠢᠯᠠᠭᠤᠯᠤᠭᠴᠢ᠄ ᠲᠣᠳᠣᠭᠡᠷᠡᠯ
ᠬᠢᠨᠠᠭᠴᠢ᠄ ᠣᠳᠬᠠᠨᠰᠣ᠎ᠡ
